摘要 |
ᠲᠤᠰ ᠵᠠᠭᠤᠨ ᠤ ᠭᠤᠴᠢᠭᠠᠳ ᠣᠨ ᠤ ᠦᠶ᠎ᠡ ᠳᠦ ᠂ ᠦᠪᠦᠷ ᠮᠣᠩᠭ᠋ᠤᠯ ᠲᠤᠢ᠌ᠯ ᠤᠨ ᠲᠦᠭ᠍ᠰᠢᠭᠦᠷᠢᠲᠡᠢ ᠴᠠᠭ ᠡᠷᠢᠨ ᠳᠦ ᠪᠠᠢ᠌ᠪᠠ᠃ ᠡᠨᠡ ᠦᠶᠡᠰ ᠰᠤᠶᠤᠯ ᠪᠤᠯᠪᠠᠰᠤᠷᠠᠯ ᠬᠦᠷᠲᠡᠭᠰᠡᠨ ᠨᠢᠭᠡ ᠪᠦᠯᠦᠭ ᠮᠣᠩᠭ᠋ᠤᠯ ᠰᠡᠭᠡᠭᠡᠲᠡᠳ ᠰᠤᠶᠤᠯ ᠰᠢᠨᠵᠢᠯᠡᠬᠦ ᠤᠬᠠᠭᠠᠨ ᠢᠶᠠᠷ ᠦᠨᠳᠦᠰᠦᠲᠡᠨ ᠢᠶᠡᠨ ᠠᠪᠤᠷᠠᠬᠤ ᠣᠷᠤᠯᠳᠤᠯᠭ᠎ᠠ ᠬᠢᠵᠦ ᠪᠠᠢ᠌ᠪᠠ᠃ ᠡᠷᠳᠡᠮᠪᠠᠭᠠᠲᠤᠷ ᠤᠨ 《ᠭᠤᠪᠢ ᠮᠠᠩ᠋ᠬᠠ ᠶᠢᠨ ᠴᠡᠴᠡᠭ》 ᠭᠡᠳᠡᠭ ᠦᠭᠦᠯᠡᠯᠭᠡ ᠪᠤᠯ ᠶᠠᠭ ᠡᠨᠡ ᠦᠶᠡᠰ ᠨᠡᠢ᠌ᠲᠡᠯᠡᠭᠳᠡᠭᠰᠡᠨ ᠵᠤᠬᠢᠶᠠᠯ ᠶᠤᠮ᠃ ᠲᠤᠰ ᠦᠭᠦᠯᠡᠯ ᠳᠦ 《ᠭᠤᠪᠢ ᠮᠠᠩ᠋ᠬᠠ ᠶᠢᠨ ᠴᠡᠴᠡᠭ》᠋ ᠤᠨ ᠨᠡᠢ᠌ᠲᠡᠯᠡᠭᠳᠡᠭᠰᠡᠨ ᠪᠠᠢ᠌ᠳᠠᠯ ᠬᠢᠭᠡᠳ ᠵᠤᠬᠢᠶᠠᠭᠴᠢ ᠡᠷᠳᠡᠮᠪᠠᠭᠠᠲᠤᠷ ᠤᠨ ᠲᠤᠬᠠᠢ ᠴᠤᠬᠤᠰ ᠳᠤᠷᠠᠳᠴᠤ᠂ ᠦᠭᠦᠯᠡᠯᠭᠡ ᠶᠢᠨ ᠦᠢᠯᠡ ᠶᠠᠪᠤᠳᠠᠯ ᠤᠷᠠᠯᠢᠭ ᠢ ᠵᠠᠳᠠᠯᠤᠨ ᠰᠢᠨᠵᠢᠯᠡᠭᠡᠳ᠂ ᠦᠢᠯᠡ ᠶᠠᠪᠤᠳᠠᠯ ᠨᠢ ᠳᠦᠭᠦᠮᠬᠡᠨ ᠪᠤᠯᠪᠠᠴᠤ ᠭᠤᠢ᠌ᠲᠠ ᠤᠷᠠᠯᠢᠭ ᠲᠠᠢ ᠵᠤᠬᠢᠶᠠᠯ ᠪᠤᠯᠤᠯ᠎ᠠ ᠭᠡᠵᠦ ᠦᠵᠡᠭᠰᠡᠨ ᠪᠠᠢ᠌ᠨ᠎ᠠ᠃ |