摘要 |
ᠢᠷᠭᠡᠨ ᠤᠯᠤᠰ ᠤᠨ ᠦᠶ ᠡ ᠳᠤ ᠪᠣᠷᠤᠲᠤᠬᠤᠢ ᠣᠷᠤᠨ ᠤ ᠤᠰᠤᠨ ᠠᠰᠢᠭᠯᠠᠯᠲᠠ ᠵᠢ ᠬᠡᠷᠬᠢᠨ ᠵᠠᠰᠠᠬᠤ᠂ ᠬᠠᠳᠤᠨ ᠭᠤᠤᠯ ᠤᠨ ᠬᠠᠭᠤᠴᠢᠨ ᠬᠡᠯᠪᠡᠷᠢ ᠵᠢ ᠵᠠᠰᠠᠵᠤ ᠨᠡᠪᠲᠡᠷᠡᠭᠦᠯᠬᠦ᠂ ᠲᠦᠷᠪᠡᠨ ᠡᠬᠢᠲᠦ ᠠᠷᠭ᠋ ᠠ ᠵᠡᠷᠭᠡ ᠶᠡᠷᠦᠩᠬᠡᠢᠢᠯᠡᠨ ᠵᠠᠰᠠᠬᠤ ᠲᠦᠰᠦᠯ ᠲᠤᠷᠠᠳᠴᠤ ᠦᠩᠭᠡᠷᠡᠭᠰᠡᠨ ᠪᠦᠭᠡᠳ ᠡᠭᠦᠨ ᠡᠴᠡ ᠭᠠᠳᠠᠨ᠌ ᠠ ᠪᠠᠰᠠ ᠬᠠᠳᠤᠨ ᠭᠤᠤᠯ ᠤᠨ ᠤᠰᠤ ᠵᠢ ᠬᠠᠯᠬ ᠠ ᠮᠣᠩᠭ᠋ᠤᠯ ᠤᠨ ᠨᠡᠯᠦᠭᠡᠷ ᠶᠡᠬᠡ ᠭᠤᠪᠢ ᠴᠦᠯ ᠳᠤ ᠵᠠᠯᠠᠨ ᠣᠷᠤᠭᠤᠯᠵᠤ᠂ᠴᠦᠬᠦᠨ ᠢ ᠨᠢ ᠬᠤᠪᠢᠶᠠᠷᠢᠯᠠᠬᠤ ᠪᠣᠯᠤᠨ ᠢ ᠾᠧ ᠰᠣᠪᠠᠰ ᠤᠨ ᠦᠵᠦᠭᠦᠷ ᠡᠴᠡ ᠤᠰᠤ ᠲᠠᠲᠠᠷᠠᠭᠤᠯᠬᠤ ᠵᠠᠮ ᠢ ᠨᠡᠭᠡᠭᠡᠵᠦ᠂ ᠤᠯᠠᠭᠠᠨ ᠰᠣᠬᠠᠢ ᠳᠤ ᠤᠰᠤ ᠵᠢ ᠲᠠᠲᠠᠷᠭᠠᠬᠤ ᠵᠡᠷᠭᠡ ᠲᠦᠰᠦᠯ ᠢ ᠲᠤᠷᠠᠳᠴᠤ ᠦᠩᠭᠡᠷᠡᠭᠰᠡᠨ ᠪᠠᠢᠢᠨ᠌ ᠠ᠃ᠡᠳᠡᠭᠡᠷ ᠲᠦᠰᠦᠯ ᠤᠳ ᠨᠢ ᠤᠯᠤᠰ ᠪᠠᠢᠢᠭᠤᠯᠤᠭᠳᠠᠭᠰᠠᠨ ᠤ ᠲᠠᠷᠠᠭᠠᠬᠢ ᠪᠣᠷᠤᠲᠦᠬᠤᠢ ᠣᠷᠤᠨ ᠤ ᠤᠰᠤᠨ ᠠᠰᠢᠭᠯᠠᠯᠲᠠ ᠶᠢᠨ ᠶᠡᠷᠦᠩᠬᠡᠢ ᠵᠠᠰᠠᠯᠲᠠ ᠳᠤ ᠲᠤᠩ ᠶᠡᠬᠡ ᠦᠨ᠌ ᠡ ᠴᠡᠨ᠌ ᠠ ᠲᠠᠢ ᠲᠤᠡᠰᠢᠯᠭ᠋ ᠠ ᠰᠤᠷᠭᠠᠮᠵᠢ ᠪᠣᠯᠤᠭᠰᠠᠨ ᠪᠠᠢᠢᠨ᠌ ᠠ᠃ |