摘要 |
ᠶᠠᠮᠠᠷ ᠴᠦ ᠨᠢᠭᠡᠨ ᠰᠢᠨᠵᠢᠯᠡᠭᠡᠨ ᠤ ᠰᠠᠯᠠᠭ᠎ᠠ ᠨᠢ ᠪᠦᠷ ᠦᠪᠡᠷ ᠤᠨ ᠭᠡᠬᠦ ᠬᠦᠨ ᠤᠬᠠᠭᠠᠨ ᠤ ᠦᠨᠳᠦᠰᠦ ᠰᠠᠭᠤᠷᠢ ᠲᠠᠢ ᠪᠠᠢᠬᠤ ᠶᠠᠰᠤᠲᠠᠢ᠃ ᠤᠭᠰᠠᠭᠠᠲᠠᠨ ᠵᠦᠢ ᠨᠢ ᠪᠤᠢ ᠪᠣᠯᠬᠤ ᠲᠡᠷᠡ ᠡᠷᠡᠨ ᠡᠴᠡ ᠪᠠᠨ ᠡᠬᠢᠯᠠᠨ ᠦᠪᠡᠷ ᠤᠨ ᠪᠠᠷᠢᠮᠳᠠᠯᠠᠭᠰᠠᠭᠠᠷ ᠢᠷᠡᠭᠰᠡᠨ ᠬᠦᠨ ᠤᠬᠠᠭᠠᠨ ᠤ ᠤᠨᠤᠯ ᠦᠵᠡᠯ ᠤᠨ ᠦᠨᠳᠦᠰᠦ ᠰᠤᠷᠪᠤᠯᠵᠢ ᠲᠠᠢ ᠪᠢᠯᠡ᠃ ᠲᠤᠰ ᠦᠭᠦᠯᠡᠯ ᠳ᠋ᠤ᠂ ᠤᠭᠰᠠᠭᠠᠲᠠᠨ ᠵᠦᠢ ᠶᠢᠨ ᠡᠭᠦᠰᠴᠦ ᠪᠤᠢ ᠪᠣᠯᠤᠭᠰᠠᠨ ᠦᠩᠭᠡᠷᠡᠯᠲᠡ ᠵᠢ ᠶᠠᠷᠢᠬᠤ ᠪᠡᠷ ᠡᠬᠢᠯᠠᠯᠳᠡ ᠪᠣᠯᠭᠠᠵᠤ᠂ ᠤᠭᠰᠠᠭᠠᠲᠠᠨ ᠵᠦᠢ ᠶᠢᠨ ᠰᠤᠳᠤᠯᠤᠭᠳᠠᠬᠤᠨ ᠶᠠᠭᠤ ᠪᠣᠯᠬᠤ ᠵᠢ ᠵᠢᠭᠠᠨ ᠭᠠᠷᠭᠠᠭᠰᠠᠨ ᠤ ᠰᠠᠭᠤᠷᠢᠨ ᠲᠡᠭᠡᠷ ᠡ ᠲᠡᠭᠦᠨ ᠤ ᠭᠦᠨ ᠤᠬᠠᠭᠠᠨ ᠤ ᠦᠨᠳᠦᠰᠦ ᠰᠤᠷᠪᠤᠯᠵᠢ ᠪᠣᠯᠬᠤ ᠭᠤᠤᠯ ᠤᠨᠤᠯ ᠦᠵᠡᠯ ᠪᠣᠯ ᠲᠠᠪᠰᠢᠩᠭᠤᠢ ᠤᠨᠤᠯ᠂ ᠪᠠᠯᠠᠷᠯᠢᠭ ᠤᠨᠤᠯ᠂ ᠪᠠᠢᠭᠠᠢᠯ ᠶᠢᠨ ᠬᠠᠤᠯᠢ ᠲᠦᠷᠢᠮ᠂ ᠢᠨᠳᠢᠶᠡᠠᠨ ᠰᠣᠰᠣᠯᠣᠯ ᠪᠣᠯᠤᠨ ᠭᠸᠷᠮᠠᠨ ᠤ ᠬᠦᠰᠡᠯᠡᠩᠲᠦ ᠦᠵᠡᠮ ᠮᠦᠨ ᠭᠡᠮᠡᠨ ᠦᠭᠦᠯᠡᠵᠦ᠂ ᠲᠠᠰᠢᠷᠠᠮ ᠳ᠋ᠤ ᠬᠡᠳᠦᠨ ᠲᠣᠮᠤ ᠬᠦᠷᠦᠨ ᠤ ᠤᠭᠰᠠᠭᠠᠲᠠᠨ ᠵᠦᠢ ᠶᠢᠨ ᠵᠦᠷᠢᠶ ᠠ ᠶᠠᠭᠤᠨ ᠡᠴᠡ ᠪᠣᠯᠤᠭᠰᠠᠨ ᠲᠣᠬᠠᠢ ᠦᠭᠦᠯᠡᠭᠰᠡᠨ ᠪᠠᠢᠨ᠎ᠠ᠃ |