题名 |
ᠠᠳᠠᠯᠢ ᠪᠤᠰᠤ ᠡᠷᠭᠦᠭᠳᠡᠴᠡ ᠳᠡᠬᠢ ᠤᠯᠠᠭᠠᠨ ᠪᠤᠢᠯᠠᠰᠤ ᠶᠢᠨ ᠴᠡᠴᠡᠭ ᠦᠨ ᠲᠤᠭᠤᠰᠤᠨ ᠤ ᠠᠮᠵᠵᠢᠷᠠᠯ ᠤᠨ ᠬᠦᠴᠦᠨ ᠵᠢᠴᠢ ᠬᠦᠷᠳᠡᠪᠴᠢ ᠶᠢᠨ ᠲᠤᠭᠤᠰᠤ ᠬᠦᠷᠲᠡᠬᠦ ᠴᠢᠨᠠᠷ ᠤᠨ ᠬᠠᠷᠢᠴᠠᠭᠤᠯᠤᠭᠰᠠᠨ ᠰᠤᠳᠤᠯᠭᠠᠨ |
作者 |
ᠾᠦᠩ ᠢᠦᠢ; ᠳ᠋ᠦ᠋ ᠴᠢᠶᠤᠤ ᠵᠧᠨ; ᠹᠧᠩ ᠴᠦᠨ |
关键词 |
ᠤᠯᠠᠭᠠᠨ ᠪᠤᠢᠯᠠᠰᠤ; ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ; ᠬᠦᠷᠲᠡᠪᠴᠢ ᠶᠢᠨ ᠬᠦᠷᠲᠡᠬᠦ ᠴᠢᠨᠠᠷ |
摘要 |
ᠤᠯᠠᠭᠠᠨ ᠪᠤᠢᠯᠠᠰᠤ ᠶᠢᠨ ᠴᠡᠴᠡᠭ ᠦᠨ ᠲᠤᠭᠤᠰᠤ ᠨᠢ ᠴᠡᠴᠡᠭ ᠳᠡᠯᠭᠡᠷᠡᠬᠦ ᠡᠴᠡ ᠡᠮᠦᠨ᠎ᠡ 1 ᠴᠠᠭ ᠣᠷᠴᠢᠮ ᠢᠶᠠᠷ ᠠᠮᠢᠵᠢᠷᠠᠯ ᠤᠨ ᠬᠦᠴᠦᠨ ᠲᠡᠢ ᠪᠤᠯᠳᠠᠭ᠂ ᠴᠡᠴᠡᠭ ᠳᠡᠯᠭᠡᠷᠡᠭᠡᠳ 2 ᠡᠳᠦᠷ ᠪᠤᠯᠪᠠᠯ᠂ ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ ᠨᠢ ᠬᠠᠮᠤᠭ ᠤᠨ ᠴᠢᠩᠭ᠍᠍ᠠ (ᠪᠠᠷᠤᠭ 60% ᠣᠷᠴᠢᠮ)᠂ ᠡᠷᠭᠦᠭᠳᠡᠴᠡ ᠳᠡᠭᠡᠭᠰᠢᠯᠡᠬᠦ ᠶᠢ ᠳᠠᠭᠠᠯᠳᠤᠨ ᠴᠡᠴᠡᠭ ᠦᠨ ᠲᠤᠭᠤᠰᠤᠨ ᠤ ᠠᠮᠢᠵᠢᠷᠠᠯ ᠤᠨ ᠬᠦᠴᠦᠨ ᠨᠢ ᠠᠭᠠᠵᠢᠮ ᠢᠶᠠᠷ ᠨᠡᠮᠡᠭᠳᠡᠨ᠎ᠡ᠃ ᠬᠦᠷᠲᠡᠪᠴᠢ ᠨᠢ ᠴᠡᠴᠡᠭ ᠳᠡᠯᠭᠡᠷᠡᠬᠦ ᠡᠴᠡ ᠡᠮᠦᠨ᠎ᠡ 1 ᠴᠠᠭ ᠣᠷᠴᠢᠮ ᠢᠶᠠᠷ ᠲᠤᠭᠤᠰᠤ ᠬᠦᠷᠲᠡᠬᠦ ᠴᠢᠨᠠᠷ ᠲᠠᠢ ᠪᠤᠯᠵᠤ᠂ 2~4 ᠡᠳᠦᠷ ᠲᠦ ᠲᠤᠭᠤᠰᠤ ᠬᠦᠷᠲᠡᠬᠦ ᠴᠢᠨᠠᠷ ᠬᠠᠮᠤᠭ ᠤᠨ ᠴᠢᠩᠭ᠍᠎ᠠ ᠪᠠᠢᠳᠠᠭ᠃ ᠬᠦᠷᠲᠡᠪᠴᠢ ᠶᠢᠨ ᠲᠤᠭᠤᠰᠤ ᠬᠦᠷᠲᠡᠬᠦ ᠴᠢᠨᠠᠷ ᠤᠨ ᠦᠷᠭᠦᠯᠵᠢᠯᠡᠬᠦ ᠴᠠᠭ ᠨᠢ ᠠᠳᠠᠯᠢ ᠪᠤᠰᠤ ᠡᠷᠭᠦᠭᠳᠡᠴᠡ ᠶᠢᠨ ᠬᠤᠭᠤᠷᠤᠨᠳᠤ ᠠᠳᠠᠯᠢ ᠪᠤᠰᠤ ᠪᠠᠢᠳᠠᠭ᠃ ᠳᠤᠤᠷ᠎ᠠ ᠡᠷᠭᠦᠭᠳᠡᠴᠡ ᠳᠦ ᠬᠦᠷᠲᠡᠪᠴᠢ ᠶᠢᠨ ᠲᠤᠭᠤᠰᠤ ᠬᠦᠷᠲᠡᠬᠦ ᠴᠢᠨᠠᠷ ᠨᠢ 6 ᠡᠳᠦᠷ ᠦᠷᠭᠦᠯᠵᠢᠯᠡᠵᠦ᠂ ᠦᠨᠳᠦᠷ ᠡᠷᠭᠦᠭᠳᠡᠴᠡ ᠳᠦ 10 ᠡᠳᠦᠷ ᠣᠷᠴᠢᠮ ᠦᠷᠭᠦᠯᠵᠢᠯᠡᠨ᠎ᠡ᠃ ᠳᠤᠤᠷ᠎ᠠ ᠡᠷᠭᠦᠭᠳᠡᠴᠡ ᠳᠦ ᠤᠷᠭᠤᠮᠠᠯ ᠤᠨ ᠲᠤᠭᠤᠰᠤ ᠬᠦᠷᠲᠡᠬᠦ ᠴᠢᠨᠠᠷ ᠤᠨ ᠦᠷᠭᠦᠯᠵᠢᠯᠡᠬᠦ ᠴᠠᠭ ᠨᠢ ᠦᠨᠳᠦᠷ ᠡᠷᠭᠦᠭᠳᠡᠴᠡ ᠦᠨ ᠤᠷᠭᠤᠮᠠᠯ ᠠᠴᠠ ᠣᠬᠤᠷ ᠪᠠᠢᠳᠠᠭ᠃ ᠤᠯᠠᠭᠠᠨ ᠪᠤᠢᠯᠠᠰᠤ ᠶᠢᠨ ᠤᠷᠭᠤᠮᠠᠯ ᠤᠨ ᠬᠦᠷᠲᠡᠪᠴᠢ ᠨᠢ ᠴᠡᠴᠡᠭ ᠳᠡᠯᠭᠡᠷᠡᠭᠰᠡᠨ ᠦ ᠳᠠᠷᠠᠭ᠎ᠠ 1 ᠡᠳᠦᠷ ᠲᠦ ᠨᠢᠯᠴᠠᠭᠠᠢ ᠰᠢᠩᠭᠡᠨ ᠱᠦᠭᠦᠷᠡᠭᠦᠯᠵᠦ᠂ ᠱᠦᠭᠦᠷᠡᠭᠦᠯᠬᠦ ᠬᠡᠮᠵᠢᠶ᠎ᠡ ᠵᠢᠴᠢ ᠬᠤᠭᠤᠴᠠᠭ᠎ᠠ ᠨᠢ ᠡᠷᠭᠦᠭᠳᠡᠴᠡ ᠶᠢᠨ ᠨᠡᠮᠡᠭᠳᠡᠬᠦ ᠶᠢ ᠳᠠᠭᠠᠯᠳᠤᠨ ᠨᠡᠮᠡᠭᠳᠡᠨ᠎ᠡ᠃ |
原文 |
没有原文
|
出自 |
内蒙古师范大学学报(自然科学蒙古文版)
2010年
第3期
|