摘要 |
ᠲᠡᠭᠡᠳᠦ ᠡᠷᠳᠡᠮᠲᠦ ᠶᠢᠨ ᠠᠩᠬᠠᠨ ᠤ ᠣᠨ ᠳ᠋ᠤ᠂ ᠣᠩᠨᠢᠭᠤᠳ ᠤᠨ ᠶᠡᠬᠡᠩᠬᠢ ᠨᠢ ᠲᠡᠭᠦᠨ ᠳᠤ ᠲᠠᠭᠠᠯᠳᠤᠭᠰᠠᠨ ᠬᠠᠷ ᠠ ᠴᠡᠷᠢᠭ ᠲᠠᠢ ᠬᠠᠮᠲᠤ ᠬᠣᠶᠠᠷ ᠭᠠᠷ ᠤᠨ ᠵᠠᠰᠠᠭ ᠬᠤᠰᠢᠭᠤ ᠪᠣᠯᠵᠤ ᠵᠣᠬᠢᠶᠠᠨ ᠪᠠᠢᠢᠭᠤᠯᠤᠭᠳᠠᠭᠰᠠᠨ ᠶᠣᠮ᠃ ᠤᠤᠯ ᠳ᠋ᠤ ᠪᠠᠨ ᠪᠢᠳᠠ ᠦᠪᠦᠷ ᠬᠠᠯᠬ ᠠ ᠵᠡᠷᠭᠡ ᠡᠷᠲᠡ ᠮᠠᠨᠵᠤ ᠳ᠋ᠤ ᠲᠠᠭᠠᠯᠳᠤᠭᠰᠠᠨ ᠪᠣᠶᠣ ᠲᠠᠢᠢᠨ ᠢᠢᠡᠷ ᠲᠠᠮᠵᠢᠵᠤ ᠲᠡᠳᠡᠨ ᠳᠤ ᠣᠷᠤᠵᠤ ᠦᠭ᠍ᠭᠦᠭ᠍ᠰᠡᠨ ᠬᠠᠷᠠᠴᠢᠨ᠂ ᠴᠠᠬᠠᠷ ᠵᠡᠷᠭᠡ ᠮᠣᠩᠭ᠋ᠤᠯ ᠠᠢᠢᠮᠠᠭ ᠨᠢ ᠲᠠᠢᠢᠴᠢᠩ ᠤᠯᠤᠰ ᠤᠨ ᠨᠠᠢᠮᠠᠨ ᠬᠤᠰᠢᠭᠤᠨ ᠳᠤ ᠵᠣᠬᠢᠶᠠᠨ ᠪᠠᠢᠢᠭᠤᠯᠤᠭᠳᠠᠨ ᠣᠷᠤᠭᠰᠠᠨ ᠤᠴᠢᠷ ᠢ ᠮᠡᠳᠡᠨ᠌ ᠠ᠃ ᠬᠠᠷᠢᠨ ᠠᠷᠤ ᠶᠢᠨ ᠠᠢᠢᠮᠠᠭ ᠪᠣᠯᠬᠤ ᠣᠩᠨᠢᠭᠤᠳ ᠤᠨ ᠬᠡᠰᠡᠭ ᠬᠦᠮᠦᠰ ᠨᠢ ᠤᠤᠯ ᠳ᠋ᠤ ᠪᠠᠨ ᠴᠠᠬᠠᠷ ᠲᠤ ᠲᠠᠭᠠᠯᠳᠤᠨ ᠣᠴᠢᠵᠤ᠂ ᠯᠢᠭᠳᠡᠨ ᠬᠠᠭᠠᠨ ᠦᠬᠦ᠍ᠭ᠍ᠰᠡᠨ ᠤ ᠬᠣᠢᠢᠨ᠌ ᠠ ᠲᠠᠬᠢᠨ ᠠᠢᠢᠰᠢᠨ ᠬᠦᠷᠦᠨ ᠳ᠋ᠤ ᠲᠠᠭᠠᠯᠳᠤᠵᠤ ᠣᠷᠤᠭᠰᠠᠨ ᠪᠠ ᠪᠠᠰᠠ ᠨᠢᠭᠨ ᠬᠡᠰᠡᠭ ᠣᠩᠨᠢᠭᠤᠳ ᠨᠢ ᠬᠢᠩᠭ᠋ᠠᠨ ᠲᠠᠪᠠᠭᠠᠨ ᠤ ᠠᠷᠤ ᠡᠴᠡ ᠡᠮᠦᠨᠡᠰᠢ ᠪᠠᠭᠤᠵᠤ ᠢᠷᠡᠮᠡᠭᠴᠡ ᠠᠢᠢᠰᠢᠨ ᠬᠦᠷᠦᠨ ᠳᠤ ᠲᠠᠭᠠᠯᠳᠤᠨ ᠣᠷᠤᠭᠰᠠᠨ ᠪᠦᠭᠡᠳ ᠲᠡᠳᠡ ᠨᠠᠷ ᠴᠦ ᠨᠠᠢᠮᠠᠨ ᠬᠤᠰᠢᠭᠤᠨ ᠳ᠋ᠤ ᠬᠤᠪᠢᠶᠠᠭᠳᠠᠨ ᠣᠷᠤᠭᠰᠠᠨ ᠤᠴᠢᠷ ᠢ ᠣᠢᠯᠠᠭᠠᠬ᠋ ᠠ ᠦᠭᠡᠢ ᠪᠠᠢᠢᠵᠠᠢ᠃ ᠮᠠᠨ ᠤ ᠰᠡᠳᠤᠯᠭᠠᠨ ᠡᠴᠡ ᠦᠵᠡᠬᠦ ᠳ᠋ᠤ᠂ ᠣᠩᠨᠢᠭᠤᠳ ᠵᠡᠷᠭᠡ ᠲᠡᠭᠷᠢ ᠶᠢᠨ ᠰᠡᠴᠡᠨ ᠤ ᠤᠨ ᠢᠢᠡᠷ ᠲᠠᠭᠠᠯᠳᠤᠨ ᠣᠷᠤᠭᠰᠠᠨ ᠬᠡᠰᠡᠭ ᠮᠣᠩᠭ᠋ᠤᠯᠴᠤᠳ ᠨᠢ ᠬᠣᠵᠢᠮ ᠳ᠋ᠤ ᠪᠠᠨ ᠮᠣᠩᠭ᠋ᠤᠯ ᠨᠠᠢᠮᠠᠨ ᠬᠤᠰᠢᠭᠤᠨ ᠳ᠋ᠤ ᠬᠣᠪᠢᠶᠠᠭᠳᠠᠨ ᠣᠷᠤᠭᠰᠠᠨ ᠶᠣᠮ ᠪᠠᠢᠢᠨ᠌ ᠠ᠃ |