摘要 |
ᠵᠤᠬᠢᠶᠠᠭᠴᠢ ᠲᠤᠰ ᠦᠭᠦᠯᠡᠯ ᠢᠶᠡᠷ᠂ ᠮᠣᠩᠭ᠋ᠤᠯ ᠪᠢᠴᠢᠭ᠌ ᠦᠨ ᠬᠡᠯᠡᠨ ᠦ ᠣᠯᠠᠨ ᠳᠠᠭᠠᠪᠤᠷᠢ ᠶᠢ ᠬᠡᠷᠬᠢᠨ ᠣᠨᠣᠪᠴᠢᠲᠠᠢ ᠪᠠᠷ ᠨᠢᠴᠢᠯᠡᠪᠡᠰᠦ ᠵᠤᠬᠢᠬᠤ ᠶᠢᠨ ᠦᠯᠢᠭᠡᠷ ᠢ ᠦᠵᠡᠭᠦᠯᠵᠡᠢ᠃ ᠲᠡᠭᠡᠬᠦ ᠳᠡᠭᠡᠨ᠂ 《ᠪᠤᠯᠵᠤᠮᠤᠷ ᠲᠤᠶᠢᠴᠢᠬᠤ ᠠᠷᠭ᠎ᠠ》᠂ ᠴᠢᠳᠠᠪᠬᠢ ᠬᠢᠭᠡᠳ ᠪᠠᠢ᠌ᠷᠢᠯᠠᠯ ᠵᠡᠷᠭᠡ ᠪᠦᠬᠦ ᠲᠠᠯ᠎ᠠ ᠠᠴᠠ ᠨᠢ ᠵᠠᠳᠠᠯᠤᠨ ᠰᠢᠨᠵᠢᠯᠡᠭᠡᠳ᠂ 《ᠳ᠋ᠠ᠂ ᠋ᠳ᠋ᠤ᠂ ᠤᠨ》 ᠭᠡᠬᠦ ᠳᠦᠷᠪᠡᠬᠡᠨ ᠵᠤᠢ᠌ᠯ ᠤᠨ ᠪᠢᠴᠢᠯᠭᠡᠲᠡᠢ᠂ 22 ᠨᠢᠭᠡᠴᠢ ᠳᠠᠭᠠᠪᠤᠷᠢ ᠪᠠᠢ᠌ᠭ᠎ᠠ ᠪᠦᠭᠡᠳ ᠲᠡᠳᠡᠭᠡᠷ ᠨᠢ ᠬᠤᠭᠤᠷᠤᠨᠳᠤ ᠪᠠᠨ ᠶᠡᠬᠡᠬᠡᠨ ᠲᠦᠰᠦᠭᠡ᠂ ᠨᠠᠷᠢᠨ ᠢᠯᠭᠠᠭ᠎ᠠ ᠪᠠᠷ ᠢᠶᠠᠨ ᠰᠢᠲᠦᠯᠴᠡᠨ ᠪᠠᠷᠢᠯᠳᠤᠵᠤ ᠨᠢᠭᠡᠨ ᠪᠦᠯᠢ ᠪᠦᠷᠢᠯᠳᠦᠭᠦᠯᠵᠦ ᠪᠠᠢ᠌ᠭ᠎ᠠ ᠶᠢ ᠬᠠᠷᠠᠭᠤᠯᠵᠠᠢ᠃ ᠬᠡᠯᠡᠨ ᠳᠤᠲᠤᠷ᠎ᠠ ᠶᠠᠭ ᠯᠧᠨᠢᠨ ᠦ ᠦᠭᠦᠯᠡᠭᠰᠡᠨ ᠮᠡᠲᠦ ᠪᠡᠷ 《ᠢᠯᠭᠠᠭ᠎ᠠ᠂ ᠲᠦᠰᠦᠭᠡ ᠬᠤᠶᠠᠷ ᠠᠴᠠ ᠦᠭᠡᠷ᠎ᠡ ᠶᠠᠭᠤ ᠴᠤ ᠪᠠᠢ᠋ᠳᠠᠭ ᠦᠭᠡᠢ ᠶᠤᠮ》 ᠭᠡᠰᠡᠨ ᠢ ᠲᠤᠰ ᠦᠭᠦᠯᠡᠯ ᠲᠤᠳᠤᠷᠬᠠᠢ ᠳᠤᠰᠬᠠᠭᠰᠠᠨ ᠪᠠᠢ᠌ᠨ᠎ᠠ᠃ |