题名 |
ᠦᠪᠦᠷ ᠮᠣᠩᠭᠤᠯ ᠤᠨ ᠤᠯᠤᠰ ᠲᠦᠷᠦ ᠶᠢᠨ ᠵᠦᠪᠡᠯᠯᠭᠡᠨ ᠡᠴᠡ ᠬᠡᠪᠯᠡᠬᠦᠯᠦᠭᠰᠡᠨ ᠰᠣᠶᠣᠯ ᠲᠡᠦᠬᠡ ᠶᠢᠨ ᠮᠠᠲ᠋ᠧᠷᠢᠶᠠᠯ ᠤᠨ ᠰᠤᠷᠪᠤᠯᠵᠢ ᠪᠢᠴᠢᠭ ᠤᠨ ᠦᠨ᠎ᠠ ᠴᠡᠨ᠎ᠠ ᠵᠢ ᠦᠭᠦᠯᠡᠬᠦ ᠨᠢ |
作者 |
ᠰᠤᠷᠤᠨ᠎ᠠ |
关键词 |
ᠤᠷᠤᠨ ᠨᠤᠲᠤᠭ ᠤᠨ ᠰᠤᠷᠪᠤᠯᠵᠢ ᠪᠢᠴᠢᠭ;ᠰᠣᠶᠣᠯ ᠲᠡᠦᠭᠡ ᠶᠢᠨ ᠮᠠᠲ᠋ᠸᠷᠢᠶᠠᠯ; ᠬᠠᠳᠠᠭᠠᠯᠤᠵ ᠬᠠᠮᠠᠭᠠᠯᠠᠬᠤ |
摘要 |
ᠤᠷᠤᠨ ᠨᠤᠲᠤᠭ ᠤᠨ ᠰᠣᠲᠣᠯ ᠲᠡᠦᠭᠡ ᠶᠢᠨ ᠮᠠᠲ᠋ᠧᠷᠢᠶᠠᠯ ᠪᠤᠯᠤᠨ ᠤᠷᠤᠨ ᠨᠤᠲᠤᠭ ᠤᠨ ᠰᠣᠶᠣᠯ ᠲᠡᠦᠭᠡ ᠵᠢ ᠤᠢᠯᠠᠭᠠᠬᠤ ᠪᠠ ᠰᠣᠳᠤᠯᠬᠤ ᠰᠤᠷᠪᠤᠯᠵᠢ ᠪᠢᠴᠢᠭ ᠤᠨ ᠭᠤᠤᠯ ᠪᠦᠷᠢᠯᠳᠦᠬᠦᠨ ᠪᠣᠯᠬᠤ ᠤᠴᠢᠷ ᠰᠣᠳᠤᠯᠭᠠᠨ ᠤ ᠴᠢᠬᠤᠯᠠ ᠮᠠᠲ᠋ᠧᠷᠢᠶᠠᠯ ᠪᠤᠯᠳᠠᠭ᠃ ᠦᠪᠦᠷ ᠮᠣᠨᠭᠤᠯ ᠤᠨ ᠤᠯᠤᠰ ᠲᠦᠷᠦ ᠶᠢᠨ ᠵᠦᠪᠯᠡᠯᠭᠡ ᠡᠴᠡ ᠡᠷᠬᠢᠯᠡᠨ ᠨᠠᠢᠷᠠᠭᠤᠯᠤᠭᠰᠠᠨ ᠰᠣᠶᠣᠯ ᠲᠡᠦᠭᠡ ᠶᠢᠨ ᠮᠠᠲ᠋ᠸᠷᠢᠶᠠᠯ ᠨᠢ ᠲᠤᠭ᠎ᠠ ᠭᠡᠮᠵᠢᠶ ᠠ ᠪᠡᠷ ᠴᠦᠭᠡᠨ ᠪᠣᠯᠪᠠᠴᠤ᠂ ᠮᠠᠰᠢ ᠦᠨ᠎ᠠ ᠦᠷᠲᠡᠭ ᠪᠦᠬᠦᠢ ᠮᠣᠩᠭᠯᠤ ᠬᠡᠪᠯᠡᠯ ᠤᠨ ᠬᠡᠪᠯᠡᠭᠳᠡᠵᠦ ᠦᠩᠭᠡᠷᠡᠭᠰᠡᠨ ᠪᠠ ᠤᠢᠷ ᠠ ᠶᠢᠨ ᠵᠢᠯ ᠳ᠋ᠤ ᠵᠠᠷᠢᠮ ᠭᠠᠵᠠᠷ ᠤᠨ ᠬᠢᠨ ᠬᠠᠭᠤᠴᠢᠨ ᠭᠡᠪᠯᠡᠯ ᠢᠢᠡᠨ ᠲᠡᠭᠢᠨ ᠰᠡᠷᠭᠦᠭᠡᠨ ᠬᠡᠪᠯᠡᠬᠦᠯᠵᠦ ᠪᠠᠢᠭ᠎ᠠ ᠨᠢ ᠂ ᠡᠨᠡ ᠬᠦ ᠲᠡᠦᠬᠡ ᠶᠢᠨ ᠮᠠᠲ᠋ᠧᠷᠢᠶᠠᠯ ᠤᠳ ᠢ ᠬᠦᠨᠳᠦᠳᠭᠡᠨ ᠦᠵᠡᠵᠦ ᠪᠠᠢᠬᠤ ᠬᠠᠨᠳᠤᠰᠢ ᠬᠠᠷᠠᠭᠳᠠᠵᠤ ᠪᠠᠢᠨ᠎ᠠ᠃ ᠭᠡᠪᠡᠴᠦ ᠬᠠᠷᠠᠮᠰᠠᠯᠲᠠᠢ ᠨᠢ ᠡᠨᠡ ᠲᠣᠬᠠᠢ ᠰᠣᠳᠤᠯᠤᠨ ᠰᠢᠨᠵᠢᠯᠡᠭᠰᠡᠨ ᠦᠭᠦᠯᠡᠯ ᠮᠠᠲ᠋ᠧᠷᠢᠶᠠᠯ ᠲᠤᠩ ᠴᠦᠭᠡᠨ ᠲᠤᠯᠠ᠂ ᠲᠤᠰ ᠦᠭᠦᠯᠡᠯ ᠳ᠋ᠤᠨᠣᠮ ᠤᠨ ᠰᠠᠩ ᠳ᠋ᠤ ᠤᠯᠳᠠᠭᠳᠠᠬᠤ ᠬᠡᠰᠡᠭ ᠮᠠᠲ᠋ᠸᠷᠢᠶᠠᠯ ᠢ ᠦᠨᠳᠦᠰᠦᠯᠡᠨ ᠤᠯᠤᠰ ᠲᠦᠷᠦ ᠶᠢᠨ ᠵᠦᠪᠯᠡᠯᠭᠡᠨ ᠤ ᠡᠷᠬᠢᠯᠡᠨ ᠨᠠᠢᠷᠠᠭᠤᠯᠤᠭᠰᠠᠨ ᠰᠣᠶᠣᠯ ᠲᠡᠦᠭᠡ ᠶᠢᠨ ᠮᠠᠲ᠋ᠧᠷᠢᠶᠠᠯ ᠤᠨ ᠮᠣᠩᠭᠤᠯ ᠬᠡᠪᠯᠡᠯ ᠤᠨ ᠬᠡᠪᠯᠡᠭᠳᠡᠵᠦ ᠬᠠᠳᠠᠭᠠᠯᠠᠭᠳᠠᠭᠰᠠᠨ ᠪᠠᠢᠳᠠᠯ᠂ ᠮᠣᠩᠭᠤᠯ ᠬᠡᠪᠯᠡᠯ ᠨᠢ ᠬᠢᠳᠠᠳ ᠬᠡᠪᠯᠡᠯ ᠡᠴᠡ ᠣᠨᠴᠠᠯᠠᠭᠳᠠᠭᠰᠠᠨ ᠦᠪᠡᠷᠮᠢᠴᠡ ᠠᠭᠤᠯᠠᠭ ᠠ ᠴᠢᠨᠠᠷ ᠢ ᠦᠭᠦᠯᠡᠨ᠂ᠬᠤᠢᠰᠢᠲᠠ ᠬᠦᠨᠵᠡᠭᠡᠢ ᠰᠣᠳᠤᠯᠬᠤ ᠳ᠋ᠤ ᠦᠴᠦᠭᠡᠨ ᠪᠤᠯᠭᠠᠬᠤ ᠵᠢ ᠬᠦᠰᠡᠪᠡ᠃ |
原文 |
没有原文
|
出自 |
内蒙古大学学报
2016年
第5期
|