摘要 |
ᠱᠠᠰᠢᠨ ᠤ ᠭᠦᠨ ᠤᠬᠠᠭᠠᠨᠲᠠᠳ᠂ ᠬᠡᠯᠡ ᠰᠢᠨᠵᠢᠯᠡᠯᠲᠡᠳ ᠠᠭᠸᠠᠩᠳᠠᠨᠳᠠᠷ ᠢ 《ᠪᠦᠬᠦ ᠨᠠᠰᠤᠨ ᠤ ᠪᠠᠨ ᠳᠡᠭᠡᠳᠦ ᠬᠠᠭᠠᠰ ᠢᠶᠠᠨ ᠠᠢᠮᠠᠭ ᠰᠠᠪᠠ ᠶᠢᠷᠲᠢᠨᠴᠦ ᠶᠢ ᠲᠠᠨᠢᠵᠤ ᠠᠪᠬᠤ ᠳᠤ ᠵᠤᠷᠢᠭᠤᠯᠵᠤ᠂ ᠳᠤᠤᠷᠠᠲᠤ ᠬᠠᠭᠠᠰ ᠨᠠᠰᠤ ᠪᠠᠨ ᠶᠢᠷᠲᠢᠨᠴᠦ ᠶᠢ ᠵᠠᠰᠠᠬᠤ ᠳᠤ ᠵᠤᠷᠢᠭᠤᠯᠤᠭᠰᠠᠨ》 ᠶᠤᠮ ᠭᠡᠳᠡᠭ᠃ ᠲᠡᠷᠡ ᠪᠡᠷ ᠨᠠᠰᠤᠨ ᠲᠤᠷᠰᠢ ᠡᠷᠳᠡᠮ ᠮᠡᠳᠡᠯᠭᠡ ᠶᠢ ᠴᠢᠬᠤᠯᠠᠴᠢᠯᠠᠵᠤ᠂ ᠰᠤᠷᠴᠤ ᠰᠤᠳᠤᠯᠬᠤ ᠶᠢ ᠤᠶᠠᠯᠳᠤᠭᠤᠯᠤᠨ᠂ ᠰᠢᠷᠭᠠᠭᠤ ᠬᠠᠲᠠᠭᠤᠵᠢᠯᠲᠠᠢ ᠪᠠᠷ ᠣᠷᠤᠯᠳᠤᠯᠭ᠎ᠠ ᠬᠢᠵᠦ᠂ ᠮᠣᠩᠭᠤᠯ ᠲᠦᠪᠡᠳ ᠦᠨ ᠰᠤᠶᠤᠯ ᠤᠨ ᠦᠢᠯᠡᠰ ᠲᠦ ᠭᠠᠷᠮᠠᠭᠠᠢ ᠵᠢᠳᠭᠦᠯ ᠦᠵᠡᠭᠦᠯᠦᠭᠰᠡᠨ ᠪᠢᠯᠡ᠃ ᠣᠨᠴᠠᠭᠠᠢᠯᠠᠨ ᠲᠡᠭᠦᠨ ᠦ 《ᠬᠤᠪᠢ ᠳᠠᠪᠢᠯᠠᠩ》 ᠤᠨ ᠦᠵᠡᠯᠲᠡ ᠬᠢᠭᠡᠳ 《ᠪᠢ ᠦᠭᠡᠢ》 ᠭᠡᠬᠦ ᠵᠡᠷᠭᠡ ᠪᠤᠳ᠋ᠳ᠋ᠾᠠ ᠶᠢᠨ ᠱᠠᠰᠢᠨ ᠤ ᠭᠦᠨ ᠤᠬᠠᠭᠠᠨ ᠳᠤ ᠬᠢᠭᠰᠡᠨ ᠲᠠᠢᠯᠪᠤᠷᠢ ᠦᠵᠡᠯᠲᠡ ᠨᠢ ᠪᠦᠬᠦᠢᠯᠡ ᠪᠤᠳ᠋ᠳ᠋ᠾᠠ ᠶᠢᠨ ᠱᠠᠰᠢᠨ ᠤ ᠭᠦᠨ ᠤᠬᠠᠭᠠᠨ ᠤ ᠣᠨᠣᠯ ᠦᠵᠡᠯᠲᠡ ᠶᠢ ᠰᠢᠨ᠎ᠡ ᠨᠢᠭᠡᠨ ᠲᠦᠪᠰᠢᠨ ᠳᠦ ᠬᠦᠷᠭᠡᠭᠰᠡᠨ ᠭᠡᠵᠦ ᠦᠵᠡᠵᠦ ᠪᠤᠯᠬᠤ ᠶᠤᠮ᠃ |