题名 |
ᠭᠠᠨᠰᠤ ᠮᠤᠵᠢ ᠶᠢᠨ ᠬᠤᠷᠠᠮᠠᠯ ᠴᠠᠰᠤᠨ ᠤ ᠴᠠᠭ ᠬᠤᠭᠤᠴᠠᠭ᠎ᠠ ᠣᠷᠤᠨ ᠵᠠᠢ ᠶᠢᠨ ᠬᠤᠪᠢᠷᠠᠯᠲᠠ ᠬᠢᠭᠡᠳ ᠠᠭᠤᠷ ᠠᠮᠢᠰᠬᠤᠯ ᠤᠨ ᠨᠦᠯᠦᠭᠡᠯᠡᠯ |
作者 |
ᠸᠠᠩ ᠮᠦᠯᠠᠨ; ᠰᠠᠴᠤᠷᠠ |
关键词 |
ᠭᠠᠨᠰᠤ ᠮᠤᠵᠢ; MOD10A2; ᠬᠤᠷᠠᠮᠠᠯ ᠴᠠᠰᠤᠨ ᠤ ᠲᠠᠯᠠᠪᠠᠢ; ᠴᠠᠭ ᠬᠤᠭᠤᠴᠠᠭ᠎ᠠ ᠪᠠ ᠣᠷᠤᠨ ᠵᠠᠢ ᠶᠢᠨ ᠬᠤᠪᠢᠷᠠᠯᠲᠠ; ᠠᠭᠤᠷ ᠠᠮᠢᠰᠬᠤᠯ ᠤᠨ ᠨᠦᠯᠦᠭᠡᠯᠡᠯ |
摘要 |
ᠦᠭᠦᠯᠡᠯ ᠨᠢ 10 ᠵᠢᠯ ᠤᠨ ᠣᠷᠴᠢᠮ ᠤᠨ MODIS ᠰᠡᠭᠦᠳᠡᠷ ᠢ ᠠᠰᠢᠭᠯᠠᠨ ᠭᠠᠨᠰᠤ ᠮᠤᠵᠢ ᠶᠢᠨ ᠬᠤᠷᠠᠮᠠᠯ ᠴᠠᠰᠤᠨ ᠤ ᠲᠠᠯᠠᠪᠠᠢ ᠶᠢᠨ ᠴᠠᠭ ᠬᠤᠭᠤᠴᠠᠭ᠎ᠠ ᠪᠠ ᠣᠷᠤᠨ ᠵᠠᠢ ᠶᠢᠨ ᠲᠠᠯ᠎ᠠ ᠪᠠᠷ ᠬᠢ ᠬᠤᠪᠢᠷᠠᠯᠲᠠ ᠶᠢᠨ ᠣᠨᠴᠠᠯᠢᠭ ᠵᠢᠴᠢ ᠠᠭᠤᠷ ᠠᠮᠢᠰᠬᠤᠯ ᠤᠨ ᠨᠦᠯᠦᠭᠡᠯᠡᠯ ᠢ ᠰᠤᠳᠤᠯᠵᠠᠢ᠃ ᠲᠤᠰᠤ ᠰᠤᠳᠤᠯᠭᠠᠨ ᠢᠶᠠᠷ ᠳᠠᠮᠵᠢᠨ ᠬᠤᠭᠤᠴᠠᠭᠠᠨ ᠤ ᠲᠠᠯ᠎ᠠ ᠪᠠᠷ ᠵᠠᠳᠠᠯᠪᠠᠯ᠂ ᠭᠠᠨᠰᠤ ᠮᠤᠵᠢ ᠶᠢᠨ ᠬᠤᠷᠠᠮᠠᠯ ᠴᠠᠰᠤᠨ ᠤ ᠲᠠᠯᠠᠪᠠᠢ ᠨᠢ ᠪᠠᠭᠤᠷᠠᠬᠤ ᠬᠠᠨᠳᠤᠰᠢ ᠲᠠᠢ ᠪᠠᠢᠭ᠎ᠠ ᠶᠢ ᠮᠡᠳᠡᠭᠰᠡᠨ ᠪᠠᠢᠨ᠎ᠠ᠃ ᠣᠷᠤᠨ ᠬᠡᠪᠴᠢᠶ᠎ᠡ ᠡᠴᠡ ᠦᠵᠡᠪᠡᠯ᠂ ᠭᠠᠨᠰᠤ ᠮᠤᠵᠢ ᠶᠢᠨ ᠮᠦᠩᠬᠡ ᠴᠠᠰᠤᠨ ᠤ ᠬᠤᠴᠢᠮᠠᠯ ᠨᠢ ᠭᠤᠤᠯᠳᠠᠭᠤ ᠬᠦᠬᠡᠨᠠᠭᠤᠷ ᠲᠦᠪᠡᠳ ᠦᠨ ᠦᠨᠳᠦᠷᠯᠢᠭ ᠦᠨ ᠬᠦᠪᠡᠭᠡ ᠵᠠᠬ᠎ᠠ ᠳᠠᠬᠢ ᠭᠠᠨᠰᠤ ᠮᠤᠵᠢ ᠶᠢᠨ ᠴᠢ ᠯᠢᠶᠠᠨ ᠱᠠᠨ ᠠᠭᠤᠯᠠᠨ ᠤ ᠡᠷᠬᠢᠨ ᠲᠤᠭᠤᠷᠢᠨ ᠳᠤ ᠣᠷᠤᠰᠢᠨ᠎ᠠ᠃ ᠭᠠᠨᠰᠤ ᠮᠤᠵᠢ ᠶᠢᠨ ᠬᠤᠷᠠᠮᠠᠯ ᠴᠠᠰᠤᠨ ᠤ ᠲᠠᠯᠠᠪᠠᠢ ᠶᠢᠨ ᠬᠤᠪᠢᠷᠠᠯᠲᠠ ᠨᠢ ᠲᠤᠰ ᠭᠠᠵᠠᠷ ᠤᠨ ᠠᠭᠤᠷ ᠠᠮᠢᠰᠬᠤᠯ ᠤᠨ ᠬᠤᠪᠢᠷᠠᠯᠲᠠ ᠶᠢᠨ ᠬᠠᠨᠳᠤᠰᠢ ᠲᠠᠢ ᠨᠢᠭᠲᠠ ᠬᠤᠯᠪᠤᠭᠯᠳᠠᠯ ᠲᠠᠢ᠃ |
原文 |
没有原文
|
出自 |
内蒙古师范大学学报(自然科学蒙古文版)
2015年
第1期
|