题名 |
ᠮᠣᠩᠭᠤᠯ ᠡᠮᠨᠡᠯᠭᠡ ᠶᠢᠨ ᠬᠤᠪᠢᠰᠤᠩ᠋ᠭᠤᠢ ᠪᠠᠷ ᠡᠮ ᠨᠠᠢ᠌ᠷᠠᠭᠤᠯᠤᠨ ᠬᠡᠷᠡᠭᠯᠡᠬᠦ ᠠᠷᠭ᠎ᠠ ᠶᠢᠨ ᠲᠤᠬᠠᠢ ᠬᠤᠷᠢᠶᠠᠩ᠋ᠭᠤᠢ᠌ᠯᠠᠨ ᠦᠭᠦᠯᠡᠬᠦ ᠨᠢ |
作者 |
ᠠᠨᠳᠠ; ᠰᠠᠷᠠᠨᠲᠤᠶᠠᠭ᠎ᠠ; ᠪᠦᠷᠢᠨᠪᠠᠲᠤ |
关键词 |
ᠮᠣᠩ᠋ᠭᠤᠯ ᠡᠮᠨᠡᠯᠭᠡ; ᠡᠮ ᠬᠡᠷᠡᠭᠯᠡᠬᠦ ᠠᠷᠭ᠎ᠠ; ᠬᠤᠷᠢᠶᠠᠩ᠋ᠭᠤᠢ ᠲᠠᠨᠢᠯᠴᠠᠭᠤᠯᠭ᠎ᠠ |
摘要 |
ᠮᠣᠩ᠋ᠭᠤᠯ ᠠᠨᠠᠭᠠᠬᠤ ᠤᠬᠠᠭᠠᠨᠲᠠᠳ ᠠᠯᠢ ᠡᠷᠲᠡ ᠡᠴᠡ ᠬᠤᠪᠢᠰᠤᠩ᠋ᠭᠤᠢ ᠪᠠᠷ ᠡᠮ ᠬᠡᠷᠡᠭᠯᠡᠬᠦ ᠶᠢ ᠴᠢᠬᠤᠯᠠᠴᠢᠯᠠᠨ ᠢᠷᠡᠭᠰᠡᠨ ᠪᠦᠭᠡᠳ ᠪᠤᠰᠤᠳ ᠠᠨᠠᠭᠠᠬᠤ ᠤᠬᠠᠭᠠᠨ ᠤ ᠡᠮ ᠬᠡᠷᠡᠭᠯᠡᠬᠦ ᠠᠷᠭ᠎ᠠ ᠠᠴᠠ ᠢᠯᠭᠠᠭᠳᠠᠬᠤ ᠦᠪᠡᠷ ᠦᠨ ᠣᠨᠴᠠᠯᠢᠭ ᠪᠦᠬᠦᠢ ᠰᠢᠰᠲ᠋ᠧᠮ ᠪᠤᠯᠵᠤ ᠪᠦᠷᠢᠯᠳᠦᠭᠰᠡᠨ ᠪᠠᠢ᠌ᠨ᠎ᠠ᠃ ᠡᠨᠡ ᠨᠢ ᠡᠮ ᠨᠠᠢ᠌ᠷᠠᠭᠤᠯᠬᠤ ᠵᠠᠷᠴᠢᠮ ᠬᠢᠭᠡᠳ ᠠᠷᠭ᠎ᠠ᠂ ᠡᠮ ᠨᠠᠢ᠌ᠷᠠᠯᠭ᠎ᠠ ᠶᠢᠨ ᠬᠤᠪᠢ ᠬᠡᠮᠵᠢᠶᠡᠨ ᠦ ᠬᠤᠪᠢᠷᠠᠯᠲᠠ᠂ ᠨᠡᠮᠡᠷᠢ ᠡᠮ ᠲᠠᠯᠪᠢᠬᠤ᠂ ᠡᠮ ᠬᠡᠷᠡᠭᠯᠡᠬᠦ ᠴᠠᠭ ᠬᠢᠭᠡᠳ ᠤᠯᠠᠷᠢᠯ ᠢ ᠲᠤᠬᠢᠷᠠᠭᠤᠯᠬᠤ᠂ ᠬᠦᠯᠭᠡ ᠳᠠᠷᠤᠭᠤᠯᠲᠠ ᠵᠡᠷᠭᠡ ᠣᠯᠠᠨ ᠲᠠᠯ᠎ᠠ ᠪᠠᠷ ᠪᠦᠷᠢᠨ ᠳᠤᠰᠬᠠᠯ ᠢᠶᠠᠨ ᠣᠯᠣᠭᠰᠠᠨ ᠪᠠᠢ᠌ᠨ᠎ᠠ᠃ ᠡᠨᠳᠡ ᠮᠣᠩ᠋ᠭᠤᠯ ᠠᠨᠠᠭᠠᠬᠤ ᠤᠬᠠᠭᠠᠨ ᠤ ᠡᠮᠴᠢᠯᠡᠭᠡᠨ ᠳᠦ ᠡᠮ ᠬᠡᠷᠡᠭᠯᠡᠬᠦ ᠣᠨᠴᠠᠯᠢᠭ ᠤᠨ ᠲᠤᠬᠠᠢ ᠬᠤᠷᠢᠶᠠᠩ᠋ᠭᠤᠢ᠌ᠯᠠᠨ ᠲᠠᠨᠢᠯᠴᠠᠭᠤᠯᠬᠤ ᠶᠢᠨ ᠬᠠᠮᠲᠤ᠂ ᠣᠳᠤᠬᠠᠨ ᠤ ᠡᠴᠢᠯᠡᠭᠡᠨ ᠳᠡᠭᠡᠷ᠎ᠡ ᠵᠦᠪᠬᠡᠨ ᠬᠠᠮᠢᠶ᠎ᠠ ᠪᠦᠬᠦᠢ ᠪᠠᠷᠢᠮᠵᠢᠶ᠎ᠠ ᠶᠢᠨ ᠲᠤᠭᠲᠠᠭᠠᠯ ᠳᠤ ᠬᠢᠵᠠᠭᠠᠷᠯᠠᠭᠳᠠᠨ᠂ ᠨᠠᠢ᠌ᠷᠠᠭᠤᠯᠤᠭᠰᠠᠨ ᠡᠮ ᠢ ᠯᠡ ᠬᠡᠷᠡᠭᠯᠡᠬᠦ ᠬᠠᠨᠳᠤᠯᠭ᠎ᠠ ᠨᠢ ᠮᠣᠩ᠋ᠭᠤᠯ ᠡᠮᠡᠯᠭᠡ ᠶᠢᠨ ᠬᠤᠪᠢᠰᠤᠩ᠋ᠭᠤᠢ ᠪᠠᠷ ᠡᠮ ᠬᠡᠷᠡᠭᠯᠡᠬᠦ᠂ ᠮᠣᠩ᠋ᠭᠤᠯ ᠡᠮᠴᠢ ᠶᠢᠨ ᠡᠮᠴᠢᠯᠡᠭᠡᠨ ᠦ ᠮᠡᠷᠭᠡᠵᠢᠯ ᠢ ᠪᠠᠳᠠᠷᠠᠭᠤᠯᠬᠤ᠂ ᠡᠮᠴᠢᠯᠡᠭᠡᠨ ᠦ ᠲᠤᠷᠰᠢᠯᠭ᠎ᠠ ᠪᠠᠨ ᠬᠤᠷᠠᠮᠳᠤᠭᠤᠯᠤᠨ ᠳᠡᠯᠭᠡᠷᠡᠭᠦᠯᠬᠦ ᠴᠠᠭᠠᠰᠢᠯᠠᠭᠠᠳ ᠠᠷᠠᠳ ᠢᠷᠭᠡᠳ ᠦᠨ ᠡᠪᠡᠳᠴᠢᠨ ᠦᠵᠡᠭᠦᠯᠬᠦ ᠰᠦᠢᠳᠭᠡᠯ ᠢ ᠲᠤᠭᠤᠭᠰᠢᠯᠠᠭᠤᠯᠬᠤ ᠳᠤ ᠪᠦᠷ ᠠᠰᠢᠭ ᠦᠭᠡᠢ ᠪᠤᠢ᠃ ᠮᠣᠩ᠋ᠭᠤᠯ ᠡᠮᠨᠡᠯᠭᠡ ᠶᠢᠨ ᠬᠤᠪᠢᠰᠤᠩ᠋ᠭᠤᠢ ᠪᠠᠷ ᠡᠮ ᠬᠡᠷᠭᠯᠡᠬᠦ ᠠᠷᠭ᠎ᠠ ᠶᠢ ᠠᠭᠤᠳᠠᠯᠠᠬᠤ᠂ ᠡᠮᠬᠢᠳᠭᠡᠬᠦ᠂ ᠬᠤᠷᠢᠶᠠᠩ᠋ᠭᠤᠢ᠌ᠯᠠᠨ ᠣᠨᠣᠯᠵᠢᠭᠤᠯᠬᠤ᠂ ᠳᠡᠯᠭᠡᠷᠡᠭᠦᠯᠦᠨ ᠬᠡᠷᠡᠭᠯᠡᠬᠦ᠂ ᠡᠮᠴᠢᠯᠡᠭᠡᠨ ᠦ ᠠᠴᠢ ᠲᠤᠰᠠ ᠶᠢ ᠳᠡᠭᠡᠭ᠍ᠰᠢᠯᠡᠭᠦᠯᠬᠦ᠂ ᠡᠪᠡᠳᠴᠢᠨ ᠦᠵᠡᠭᠦᠯᠬᠦ ᠰᠦᠢᠳᠭᠡᠯ ᠢ ᠲᠤᠭᠤᠭᠰᠢᠯᠠᠭᠤᠯᠬᠤ ᠪᠤᠯ ᠴᠠᠭ ᠡᠷᠡᠨ ᠡᠴᠡ ᠮᠠᠨ ᠳᠤ ᠬᠤᠪᠢᠳᠠᠭᠰᠠᠨ ᠵᠠᠢ᠌ᠯᠠᠰᠢ ᠦᠭᠡᠢ ᠡᠭᠦᠷᠭᠡ ᠪᠤᠯᠬᠤ ᠶᠤᠮ᠃ |
原文 |
查看原文
|
出自 |
内蒙古民族大学学报(蒙医药学)
2013年
第1期
|