摘要 |
ᠲᠦᠮᠦᠰᠦ ᠶᠢᠨ ᠲᠣᠰᠤᠨ ᠪᠣᠳᠤᠭ ᠤᠨ ᠵᠢᠷᠤᠭ ᠤᠨ ᠬᠠᠮᠤᠭ ᠤᠨ ᠲᠣᠪᠤᠢᠢᠮᠠ ᠨᠢᠭᠡᠨ ᠣᠨᠴᠠᠯᠢᠭ ᠪᠣᠯ ᠲᠠᠷᠤᠢ ᠵᠢᠷᠤᠭ ᠤᠨ ᠬᠢᠨᠢ ᠦᠩᠭᠡ ᠪᠣᠳᠤᠭ ᠪᠣᠯᠤᠨ᠌ ᠠ᠃ ᠲᠡᠭᠦᠨ ᠤ ᠵᠢᠷᠤᠭ ᠤᠨᠨᠢᠭᠤᠷ ᠤᠨ ᠦᠪᠡᠷᠮᠢᠴᠡ ᠦᠨᠡᠰᠦᠨ ᠦᠩᠭᠡ ᠨᠢ ᠬᠦᠮᠦᠰ ᠲᠣ ᠲᠦᠢᠯ ᠤᠨ ᠨᠠᠮ ᠭᠦᠮ ᠬᠠᠩᠭ᠌ᠠᠯᠠᠭᠤᠨ᠂ ᠲᠤᠩᠭ᠋ᠠᠯᠠᠭ᠂ᠨᠠᠮᠤᠭᠤᠬᠠᠨ ᠲᠤᠭᠲᠠᠭᠤᠨ ᠰᠠᠭᠤᠭᠳᠠᠯ ᠦᠭᠳᠡᠭ᠃ ᠲᠦᠮᠦᠰᠦ ᠭᠤᠸᠠᠢ ᠲᠤᠷᠤᠨᠠᠳᠠᠬᠢᠨ ᠤ ᠮᠣᠩᠭ᠋ᠤᠯ ᠬᠦᠮᠦᠨ ᠪᠣᠯᠤᠭᠰᠠᠨ ᠤ ᠬᠣᠪᠢ ᠳᠤ ᠲᠤᠷᠤᠨᠠᠳᠠᠬᠢᠨ ᠤ ᠭᠤᠤ ᠠ ᠲᠠᠭᠠᠰᠢᠶᠠᠯ ᠤᠨ ᠣᠨᠴᠠᠯᠢᠭ ᠪᠠ ᠦᠨᠳᠦᠰᠦᠲᠡᠨ ᠤ ᠰᠡᠳᠭᠡᠯᠭᠡ ᠵᠢ ᠲᠤᠩ ᠡᠷᠬᠢᠮᠯᠡᠳᠡᠭ᠃ ᠲᠡᠷᠡ ᠤᠷᠤᠰᠬᠠᠯ ᠢ ᠲᠠᠭᠠᠬᠤ ᠦᠭᠡᠢ᠂ ᠲᠣᠷᠤᠨᠠᠳᠠᠬᠢᠨ ᠤ ᠬᠡᠯᠪᠡᠷᠢ ᠵᠢ ᠲᠦᠭᠦᠮ ᠢᠢᠡᠷ ᠲᠠᠭᠤᠷᠢᠶᠠᠬᠤ ᠦᠭᠡᠢ ᠮᠦᠷᠲᠡᠭᠡᠨ ᠪᠠᠢᠢᠭᠠᠯᠢ ᠵᠢ ᠬᠠᠭᠤᠯᠬᠤ ᠦᠭᠡᠢ᠂ ᠬᠠᠷᠢᠨ ᠵᠣᠬᠢᠶᠠᠨ ᠪᠦᠲᠦᠭᠡᠬᠦ ᠵᠢ ᠬᠦᠨᠳᠦᠳᠭᠡᠵᠦ᠂ ᠤᠷᠠᠨ ᠠᠷᠭ᠋ ᠠ ᠪᠡᠷ ᠲᠠᠭᠤᠷᠢᠶᠠᠵᠤ ᠵᠢᠷᠤᠬᠤ ᠵᠢᠷᠤᠭ ᠤᠨ ᠲᠠᠰᠬᠠᠯ ᠤᠨ ᠰᠢᠨᠵᠢ ᠵᠢ ᠦᠭᠡᠢᠢᠰᠭᠡᠵᠦ᠂ ᠦᠵᠡᠮᠵᠢ ᠵᠢ ᠦᠵᠡᠨ ᠵᠣᠬᠢᠶᠠᠨ ᠪᠦᠲᠦᠭᠡᠭᠡᠳ ᠰᠡᠳᠭᠡᠯᠭᠡ ᠪᠠᠨ ᠢᠯᠡᠷᠡᠭᠦᠯᠵᠦ᠂ ᠪᠣᠳᠤᠭ ᠪᠦᠷᠢ ᠶᠢᠨ ᠰᠢᠨᠵᠢ ᠴᠢᠨᠠᠷ ᠢ ᠠᠩᠬᠠᠷᠤᠨ ᠰᠢᠨᠵᠢᠵᠤ᠂ ᠵᠢᠷᠤᠭ ᠤᠨ ᠨᠢᠭᠤᠷ ᠢ ᠪᠦᠳᠦᠭᠡᠬᠦ ᠦᠩᠭᠡ ᠪᠦᠳᠤᠭ ᠤᠨ ᠬᠠᠷᠢᠴᠠᠭ᠋ ᠠ ᠪᠠ ᠤᠶᠠᠩᠭ᠋ᠠᠯᠠᠭᠰᠠᠨ ᠴᠢᠨᠠᠷ ᠤᠨ ᠰᠠᠨᠠᠭ᠋ ᠠ ᠠᠬᠤᠢᠵᠢ ᠨᠠᠷᠢᠨ ᠰᠣᠳᠤᠯᠵᠠᠢ᠃ |