题名 |
《ᠲᠤᠮᠳᠠᠳᠤ ᠤᠯᠤᠰ ᠤᠨ ᠡᠷᠳᠡᠨ ᠤ ᠮᠤᠩᠭᠤᠯ ᠨᠤᠮ ᠪᠢᠴᠢᠭ᠌ ᠤᠨ ᠶᠡᠷᠤᠩᠬᠡᠢ ᠭᠠᠷᠴᠠᠭ》᠋ ᠤᠨ ᠨᠤᠮ ᠤᠨ ᠠᠩᠬᠢᠯᠡᠯ ᠪᠠ ᠵᠤᠷᠪᠤᠰᠴᠢᠯᠡᠯ ᠳᠤ ᠤᠷᠤᠰᠢᠵᠦ ᠪᠠᠢᠭ᠎ᠠ ᠠᠰᠠᠭᠤᠳᠠᠯ-《ᠶᠡᠷᠤᠩᠬᠡᠢ ᠭᠠᠷᠴᠠᠭ》᠋ ᠤᠨ ᠲᠡᠤᠭᠡ ᠭᠠᠵᠠᠷ ᠵᠦᠢ ᠶᠢᠨ ᠲᠦᠷᠦᠯ ᠤᠨ ᠰᠤᠷᠪᠤᠯᠵᠢ ᠪᠢᠴᠢᠭ ᠶᠢᠡᠷ ᠵᠢᠱᠢᠶᠡᠯᠡᠬᠦ ᠨᠢ |
作者 |
ᠤᠯᠠᠭᠠᠨᠴᠢᠮᠡᠩ |
关键词 |
《ᠲᠤᠮᠳᠠᠳᠤ ᠤᠯᠤᠰ ᠤᠨ ᠡᠷᠳᠡᠨ ᠤ ᠮᠤᠩᠭᠤᠯ ᠨᠤᠮ ᠪᠢᠴᠢᠭ ᠤᠨ ᠶᠡᠷᠤᠩᠬᠡᠢ ᠭᠠᠷᠴᠠᠭ》᠋;ᠲᠦᠷᠦᠯ ᠠᠩᠬᠢᠯᠡᠯ ᠪᠡ ᠵᠤᠷᠪᠤᠰᠴᠢᠯᠡᠯ; ᠰᠤᠷᠪᠤᠯᠵᠢ ᠪᠢᠴᠢᠭ; ᠨᠤᠮ ᠭᠠᠷᠴᠠᠭᠯᠠᠯ ᠤᠨ ᠤᠬᠠᠭᠠᠨ |
摘要 |
《ᠲᠤᠮᠳᠠᠳᠤ ᠤᠯᠤᠰ ᠤᠨ ᠡᠷᠳᠡᠨ ᠤ ᠮᠤᠩᠭ᠋ᠤᠯ ᠨᠤᠮ ᠪᠢᠴᠢᠭ ᠤᠨ ᠶᠡᠷᠤᠩᠬᠡᠢ ᠭᠠᠷᠴᠠᠭ》᠋ ᠪᠤᠯ ᠦᠨᠳᠤᠰᠤᠨ ᠤ ᠰᠢᠨᠵᠢ᠂ ᠰᠤᠷᠪᠤᠯᠵᠢ ᠪᠢᠴᠢᠭ᠌ ᠤᠨ ᠰᠢᠨᠵᠢ ᠵᠢᠴᠢ ᠡᠷᠳᠡᠮ ᠰᠢᠨᠵᠢᠯᠡᠭᠡᠨ ᠤ ᠴᠢᠨᠠᠷ ᠶᠢᠡᠷ ᠨᠠᠯᠢᠶᠠᠳ ᠴᠢᠩᠭ᠋᠎ᠠ ᠶᠠᠷᠤᠩᠬᠡᠢᠯᠡᠭᠰᠡᠨ ᠴᠢᠨᠡᠷ ᠪᠦᠬᠦᠢ ᠲᠤᠮᠦ ᠬᠡᠯᠪᠡᠷᠢ ᠶᠢᠨ ᠭᠠᠷ ᠠᠪᠤᠯᠭ᠎ᠠ ᠶᠢᠨ ᠪᠢᠴᠢᠭ ᠪᠠᠢᠵᠦ᠂ ᠤᠳᠤ ᠪᠤᠯᠳᠠᠯᠠᠬᠢ ᠵᠤᠷᠪᠤᠰᠴᠢᠯᠠᠭᠰᠠᠨ ᠰᠤᠷᠪᠤᠯᠵᠢ ᠪᠢᠴᠢᠭ ᠤᠨ ᠲᠤᠭ᠎ᠠ ᠬᠡᠮᠨᠵᠢᠶᠡ ᠪᠠᠷ ᠬᠠᠮᠤᠭ ᠤᠯᠠᠨ᠂ ᠬᠠᠮᠤᠭ ᠪᠦᠷᠢᠨ᠂ ᠲᠦᠷᠦᠯ ᠠᠩᠬᠢᠯᠡᠯ ᠪᠡ ᠵᠤᠷᠪᠤᠰᠴᠢᠯᠡᠯ ᠨᠢ ᠬᠠᠮᠤᠭ ᠨᠠᠷᠢᠨ ᠨᠢᠭᠳᠠ ᠮᠦᠷᠳᠡᠭᠡᠨ ᠰᠢᠨᠵᠢᠯᠡᠬᠦ ᠤᠬᠠᠭᠠᠨᠴᠢ ᠦᠨᠳᠤᠰᠤᠳᠡᠨ ᠤ ᠦᠰᠦᠭ ᠪᠢᠴᠢᠭ ᠪᠠᠷ ᠵᠤᠬᠢᠶᠠᠭᠳᠠᠭᠰᠠᠨ ᠨᠤᠮ ᠤᠨ ᠭᠠᠷᠴᠠᠭ ᠪᠤᠯᠤᠨ᠎ᠠ᠃ ᠦᠬᠦᠯᠡᠯ ᠳᠤ ᠲᠤᠰ ᠭᠠᠷᠴᠠᠭ ᠢ ᠬᠡᠷᠡᠭᠯᠡᠬᠦ ᠪᠤᠳᠡᠳᠢ ᠶᠠᠪᠤᠴᠠ ᠳᠤ ᠲᠡᠬᠦᠨ ᠤ ᠭᠠᠷᠴᠠᠭ ᠤᠨ ᠪᠠᠢᠷᠢᠯᠠᠭᠤᠯᠤᠯᠳᠠ ᠪᠠ ᠲᠦᠷᠤᠯ ᠠᠩᠬᠢᠯᠡᠯ ᠵᠢᠴᠢ ᠵᠤᠷᠪᠤᠰᠴᠢᠯᠡᠯ ᠤᠨ ᠲᠠᠯ᠎ᠠ ᠪᠠᠷ ᠤᠷᠤᠰᠢᠵᠦ ᠪᠠᠢᠭ᠎ᠠ ᠠᠰᠠᠭᠤᠳᠠᠯ ᠤ ᠠᠵᠢᠭᠯᠠᠯᠳᠠ ᠬᠢᠬᠦ ᠶᠢᠨ ᠬᠠᠮᠳᠤ ᠡᠳᠡᠭᠡᠷ ᠠᠰᠠᠭᠤᠳᠠᠯ ᠤᠨ ᠪᠤᠢ ᠪᠤᠯᠤᠭᠰᠠᠨ ᠰᠢᠯᠳᠠᠭᠠᠨ ᠳᠤ ᠲᠤᠪᠴᠢᠬᠠᠨ ᠵᠠᠳᠠᠯᠤᠯᠳᠠ ᠬᠢᠵᠦ᠂ ᠦᠨᠳᠤᠰᠤᠳᠡᠨ ᠤ ᠦᠰᠦᠭ ᠪᠢᠴᠢᠭ᠌ ᠤᠨ ᠨᠤᠮ ᠤᠨ ᠭᠠᠷᠴᠠᠭᠯᠠᠯ ᠤᠨ ᠤᠬᠠᠭᠠᠨ ᠤ ᠴᠠᠭᠠᠰᠢᠳᠡ ᠶᠢᠨ ᠬᠦᠭᠵᠢᠯᠳᠡ ᠳᠤ ᠵᠤᠬᠢᠬᠤ ᠨᠠᠮᠡᠷᠢ ᠬᠠᠨᠳᠢᠪ ᠪᠤᠯᠭᠠᠬᠤ ᠪᠡᠷ ᠵᠤᠷᠢᠭᠰᠠᠨ ᠶᠤᠮ᠃ |
原文 |
查看原文
|
出自 |
中国蒙古学
2014年
第6期
|