题名 |
ᠬᠠᠤᠯᠢ ᠶᠢᠨ ᠤᠬᠠᠭᠠᠨ ᠤ ᠬᠠᠷᠠᠭᠠᠨ ᠡᠴᠡ《ᠬᠤᠷᠠᠯᠳᠠᠢ ᠶᠢᠨ ᠲᠦᠷᠢᠮ》 ᠢ ᠰᠢᠨᠵᠢᠯᠡᠬᠦ ᠨᠢ (ᠬᠤᠶᠠᠷ)—《ᠬᠤᠷᠠᠯᠳᠠᠢ ᠶᠢᠨ ᠲᠦᠷᠢᠮ》 ᠤᠨ ᠰᠢᠨᠵᠢ ᠴᠢᠨᠠᠷ ᠪᠠ ᠤᠨᠴᠠᠯᠢᠭ ᠤᠨ ᠲᠤᠬᠠᠢ ᠦᠭᠦᠯᠡᠬᠦ ᠨᠢ |
作者 |
ᠲᠡᠮᠦᠷᠪᠤᠯᠤᠳ; ᠤᠷᠢᠬᠠᠨ |
关键词 |
《ᠮᠤᠩᠭ᠋ᠤᠯ ᠤᠨ ᠨᠢᠭᠤᠴᠠ ᠲᠤᠪᠴᠢᠶᠠᠨ》; 《ᠬᠤᠷᠠᠯᠳᠠᠢ ᠶᠢᠨ ᠲᠦᠷᠢᠮ》; ᠴᠢᠬᠤᠯᠠ ᠬᠠᠤᠯᠢ ᠴᠠᠭᠠᠵᠠ ᠶᠢᠨ ᠲᠦᠷᠢᠮ; ᠤᠨᠴᠠᠯᠢᠭ ᠰᠢᠨᠵᠢ; ᠠᠴᠢ ᠬᠤᠯᠪᠤᠭᠳᠠᠯ |
摘要 |
ᠶᠡᠬᠡ ᠮᠤᠩᠭ᠋ᠤᠯ ᠤᠯᠤᠰ ᠨᠢ ᠬᠡᠳᠦᠢ᠌ᠪᠡᠷ ᠹᠸᠤᠳᠠᠯ ᠪᠠᠢ᠌᠋ᠭᠤᠯᠤᠯ ᠤᠨ ᠰᠢᠨᠵᠢ ᠴᠢᠨᠠᠷ ᠲᠠᠢ ᠤᠯᠤᠰ ᠲᠤ ᠬᠠᠷᠢᠶᠠᠯᠠᠭᠳᠠᠬᠤ ᠪᠤᠯᠪᠠᠴᠤ ᠠᠽᠢᠶ᠎ᠠ ᠡᠸᠦ᠋ᠷᠤᠫᠡ ᠶᠢᠨ ᠨᠡᠢ᠌ᠳᠡᠯᠢᠭ ᠹᠸᠤᠳᠠᠯ ᠪᠠᠢ᠌ᠭᠤᠯᠤᠯᠳᠤ ᠤᠯᠤᠰ ᠭᠦᠷᠦᠨ ᠲᠠᠢ ᠠᠳᠠᠯᠢ ᠪᠤᠰᠤ ᠤᠨᠴᠠᠯᠢᠭ ᠰᠢᠨᠵᠢ ᠲᠠᠢ ᠪᠠᠢ᠌ᠵᠤ᠂ ᠮᠠᠷᠺᠰ ᠤᠨ ᠰᠤᠳᠤᠯᠤᠨ ᠨᠤᠳ᠋ᠠᠯᠠᠭᠰᠠᠨ ᠠᠽᠢᠶ᠎ᠠ ᠶᠢᠨ ᠦᠢᠯᠡᠳᠪᠦᠷᠢᠯᠡᠯ ᠤᠨ ᠠᠷᠭ᠎ᠠ ᠮᠠᠶᠢᠭ ᠬᠢᠭᠡᠳ ᠲᠤᠷᠤᠨᠠᠳᠠᠬᠢᠨ ᠤ ᠨᠡᠢ᠌ᠭᠡᠮ ᠤᠨ ᠰᠢᠨᠵᠢ ᠴᠢᠨᠠᠷ ᠪᠠ ᠤᠨᠴᠠᠯᠢᠭ ᠨᠡᠯᠢᠶᠡᠳ ᠢᠯᠡ ᠲᠤᠳᠤ ᠪᠠᠢ᠌ᠳᠠᠭ ᠪᠤᠯᠬᠤᠷ ᠲᠡᠭᠦᠨ ᠢ ᠤᠳᠤᠬᠠᠨ ᠳᠤ ᠲᠡᠯᠡᠬᠡᠢ ᠳ᠋ᠡᠬᠢᠨ ᠤ ᠤᠯᠠᠩᠬᠢ ᠤᠯᠤᠰ ᠭᠦᠷᠦᠨ ᠳᠤ ᠲᠦᠭᠡᠮᠡᠯ ᠬᠡᠷᠡᠭᠯᠡᠵᠦ ᠪᠠᠢ᠌᠋ᠭᠠ《ᠵᠦᠪᠯᠡᠯᠭᠡᠨ ᠤ ᠬᠤᠷᠠᠯ ᠤᠨ ᠲᠦᠷᠢᠮ》 ᠤᠨ ᠠᠩᠬᠠᠨ ᠤ ᠰᠤᠶᠤᠭᠠᠯᠠᠯ ᠭᠡᠵᠦ ᠦᠵᠡᠵᠦ ᠪᠤᠯᠬᠤ ᠶᠤᠮ᠃ ᠶᠡᠬᠡ ᠮᠤᠩᠭ᠋ᠤᠯ ᠤᠯᠤᠰ ᠤᠨ ᠦᠶ᠎ᠡ ᠳᠤ ᠲᠦᠷᠦ ᠭᠦᠷᠦᠨ ᠤ ᠲᠡᠭᠡᠳᠦ ᠡᠷᠬᠡ ᠬᠠᠭᠠᠨ ᠡᠵᠡᠨ ᠤ ᠭᠠᠷ ᠲᠤ ᠲᠦᠪᠯᠡᠷᠡᠵᠦ ᠪᠠᠢ᠌ᠭᠰᠠᠨ ᠪᠤᠯᠪᠠᠴᠤ《ᠬᠤᠷᠠᠯᠳᠠᠢ ᠶᠢᠨ ᠲᠦᠷᠢᠮ》ᠴᠢᠬᠤᠯᠠ ᠬᠠᠤᠯᠢ ᠴᠠᠭᠠᠵᠠ ᠶᠢᠨ ᠲᠦᠷᠢᠮ ᠪᠤᠯᠤᠭᠰᠠᠨ ᠤ ᠬᠤᠪᠢ ᠳᠤ ᠤᠯᠤᠰ ᠲᠦᠷᠦ᠂ ᠠᠵᠤ ᠠᠬᠤᠢ᠂ ᠴᠡᠷᠢᠭ ᠲᠠᠢ᠌ᠨ ᠤ ᠴᠢᠬᠤᠯᠠ ᠬᠡᠷᠡᠭ ᠶᠠᠪᠤᠳᠠᠯ ᠤᠳ ᠢ ᠲᠠᠰᠤᠯᠤᠨ ᠰᠢ᠌ᠳᠪᠦᠷᠢᠯᠡᠬᠦ ᠡᠷᠬᠡ ᠮᠡᠳᠡᠯ ᠢ ᠶᠠᠪᠤᠭᠤᠯᠳᠠᠭ ᠲᠡᠭᠡᠳᠦ ᠡᠷᠬᠡᠳᠦ ᠪᠠᠢ᠌ᠭᠤᠯᠭ᠎ᠠ ᠶᠢᠨ ᠬᠠᠤᠯᠢ ᠴᠠᠭᠠᠵᠠ ᠶᠢᠨ ᠪᠠᠢ᠌ᠷᠢ ᠰᠠᠭᠤᠷᠢ ᠲᠠᠢ ᠪᠤᠯᠵᠠᠢ᠃ ᠦᠭᠦᠯᠡᠯ ᠳᠤ《ᠮᠤᠩᠭ᠋ᠤᠯ ᠤᠨ ᠨᠢᠭᠤᠴᠠ ᠲᠤᠪᠴᠢᠶᠠᠨ》᠂《ᠰᠤᠳᠤᠷ ᠤᠨ ᠴᠢᠭᠤᠯᠭᠠᠨ》ᠵᠡᠷᠭᠡ ᠲᠤᠯᠭᠤᠷ ᠪᠢᠴᠢᠭ᠌ ᠢ ᠦᠨᠳᠦᠰᠦᠯᠡᠨ《ᠬᠤᠷᠠᠯᠳᠠᠢ ᠶᠢᠨ ᠲᠦᠷᠢᠮ》 ᠶᠢᠨ ᠰᠢᠨᠵᠢ ᠴᠢᠨᠠᠷ ᠪᠡ ᠤᠨᠴᠠᠯᠢᠭ᠂ ᠪᠠᠢ᠌ᠷᠢ ᠰᠠᠭᠤᠷᠢ ᠬᠢᠭᠡᠳ ᠠᠴᠢ ᠬᠤᠯᠪᠤᠭᠳᠠᠯ ᠢ ᠬᠠᠤᠯᠢ ᠵᠦᠢ ᠶᠢᠨ ᠤᠬᠠᠭᠠᠨ ᠤ ᠲᠠᠯ᠎ᠠ ᠡᠴᠡ ᠨᠤᠳ᠋ᠠᠯᠠᠨ ᠲᠤᠳᠤᠷᠬᠠᠢ᠌ᠯᠠᠵᠠᠢ᠃ |
原文 |
查看原文
|
出自 |
中国蒙古学
2013年
第5期
|