题名 |
ᠨᠡᠢᠳᠡ ᠶᠢᠨ ᠲᠤᠷᠠᠰᠤᠮᠵᠢ ᠳᠡᠬᠢ ᠲᠡᠭᠡᠳᠦ ᠮᠤᠩᠭ᠋ᠤᠯ ᠤᠨ ᠲᠦᠷᠦ ᠶᠢᠨ ᠲᠠᠭᠤᠴᠢᠨ ᠬᠢᠶ᠎ᠡ ᠶᠢᠨ ᠲᠤᠬᠠᠢ ᠠᠩᠬᠠᠨ ᠤ ᠰᠢᠨᠵᠢᠯᠡᠭᠡ |
作者 |
ᠬᠠᠰᠴᠡᠴᠡᠭ |
关键词 |
ᠨᠡᠢ᠌ᠳᠡ ᠶᠢᠨ ᠲᠤᠷᠠᠰᠤᠮᠵᠢ; ᠲᠡᠭᠡᠳᠦ ᠮᠤᠩᠭ᠋ᠤᠯ; ᠲᠦᠷᠦ ᠶᠢᠨ ᠲᠠᠭᠤᠴᠢᠨ ᠬᠢᠶ᠎ᠡ |
摘要 |
ᠲᠡᠭᠡᠳᠦ ᠮᠤᠩᠭ᠋ᠤᠯ ᠳᠤ ᠲᠡᠭᠡᠷ᠎ᠡ ᠦᠶ᠎ᠡ ᠶᠢᠨ ᠵᠠᠰᠠᠭ ᠨᠤᠶᠠᠨ ᠤ ᠦᠷᠭᠦᠭᠡ ᠤᠷᠳᠤᠨ ᠳᠤ ᠲᠠᠭᠤᠤ ᠬᠦᠭ᠍ᠵᠢᠮ ᠡᠭᠦᠰᠭᠡᠵᠦ ᠶᠠᠪᠤᠭᠰᠠᠨ ᠨᠡᠷᠡᠳᠦ ᠲᠠᠭᠤᠴᠢᠳ ᠶᠢᠡᠨ《ᠬᠢᠶ᠎ᠡ》᠂《ᠨᠤᠶᠠᠨ ᠤ ᠲᠠᠭᠤᠴᠢ ᠬᠢᠶ᠎ᠡ》᠂《ᠨᠠᠢ᠌ᠷᠴᠢ ᠬᠢᠶ᠎ᠡ》 ᠬᠡᠮᠡᠨ ᠲᠡᠳᠡᠨ ᠤ ᠠᠪᠢᠶᠠᠰ ᠪᠢᠯᠢᠭ᠌ ᠢ ᠬᠦᠨᠳᠦᠳᠭᠡᠵᠦ ᠪᠤᠢ ᠰᠡᠳᠭᠢᠯᠭᠡ ᠪᠡᠷ ᠴᠤᠯᠠᠯᠠᠨ ᠨᠡᠷᠡᠯᠡᠬᠦ ᠵᠠᠩᠰᠢᠯ ᠲᠠᠢ᠃ ᠦᠭᠦᠯᠡᠯ ᠳᠤ᠂ ᠲᠡᠭᠡᠳᠦ ᠮᠤᠩᠭ᠋ᠤᠯ ᠤᠨ ᠲᠦᠷᠦ ᠶᠢᠨ ᠲᠠᠭᠤᠴᠢᠨ ᠬᠢᠶ᠎ᠡ ᠨᠠᠷ ᠤᠨ ᠲᠤᠬᠠᠢ ᠨᠡᠢ᠌ᠳᠡ ᠶᠢᠨ ᠲᠤᠷᠠᠰᠤᠮᠵᠢ ᠳᠤ ᠲᠠᠯᠭᠠᠭᠤᠷᠢᠯᠠᠨ ᠠᠷᠠᠳ ᠤᠨ ᠲᠠᠭᠤᠴᠢᠨ᠂ ᠤᠷᠠᠯᠢᠭᠴᠢᠳ ᠤᠨ ᠲᠤᠮᠳᠠ ᠡᠴᠡ ᠰᠢᠯᠢᠨ ᠰᠤᠩᠭ᠋ᠤᠭᠳᠠᠭᠰᠠᠨ ᠲᠦᠷᠦ ᠶᠢᠨ ᠲᠠᠭᠤᠴᠢᠳ ᠨᠢ ᠪᠠᠢ᠌ᠭᠠᠯᠢ ᠡᠴᠡ ᠵᠠᠶᠠᠭᠠᠭᠰᠠᠨ ᠲᠦᠷᠦᠯᠬᠢ ᠶᠢᠨ ᠬᠤᠭᠤᠯᠠᠢ ᠳᠠᠭᠠᠨ ᠲᠦᠰᠢᠭᠯᠡᠵᠦ᠂ ᠵᠦᠪᠬᠡᠨ ᠠᠵᠤ ᠲᠦᠷᠦᠬᠦ ᠶᠢᠨ ᠲᠦᠯᠦᠭᠡ ᠲᠠᠭᠤᠯᠠᠵᠤ ᠶᠠᠪᠤᠭᠰᠠᠨ ᠪᠢᠰᠢ ᠬᠠᠷᠢᠨ ᠲᠠᠭᠤᠯᠠᠬᠤ ᠶᠢᠨ ᠲᠦᠯᠦᠭᠡ ᠠᠵᠤ ᠲᠦᠷᠦᠭᠰᠡᠳ ᠪᠠᠢ᠌ᠬᠤ ᠳᠠᠭᠠᠨ ᠲᠠᠭᠠᠷᠠᠨ᠎ᠠ ᠭᠡᠳᠡᠭ ᠢ ᠲᠡᠳᠡᠨ ᠤ ᠭᠠᠢ᠌ᠬᠠᠮᠰᠢᠭᠳᠤ ᠤᠷ᠎ᠠ ᠠᠪᠢᠶᠠᠰ᠂ ᠤᠬᠠᠭᠠᠨ ᠮᠡᠳᠡᠭᠡ ᠪᠡᠷ ᠶᠢᠡᠨ ᠮᠤᠩᠭ᠋ᠤᠯ ᠤᠵᠠᠭᠤᠷ ᠤᠷᠠᠯᠢᠭ ᠤᠨ ᠤᠷᠠᠨ ᠰᠠᠢ᠌ᠬᠠᠨ ᠤ ᠰᠢᠯᠢᠳᠡᠭ ᠴᠢᠨᠠᠷ ᠢ ᠦᠶ᠎ᠡ ᠶᠢᠨ ᠦᠶ᠎ᠡ ᠳᠤ ᠬᠠᠳᠠᠭᠠᠯᠠᠨ ᠤᠯᠠᠮᠵᠢᠯᠠᠬᠤ ᠳᠤ ᠦᠵᠡᠭᠦᠯᠦᠭᠰᠡᠨ ᠭᠠᠪᠢᠶ᠎ᠠ ᠵᠢᠳᠭᠦᠯ ᠲᠡᠭᠡᠷ᠎ᠡ ᠨᠡᠭᠡᠭᠡᠨ ᠦᠵᠡᠭᠦᠯᠬᠦ ᠶᠢ ᠬᠢᠴᠢᠶᠡᠭᠰᠡᠨ ᠶᠤᠮ᠃ |
原文 |
查看原文
|
出自 |
中国蒙古学
2016年
第1期
|