论文信息


题名 ᠮᠤᠩᠭᠤᠯ ᠤᠷᠠᠨ ᠵᠤᠬᠢᠶᠠᠯ ᠤᠨ ᠳᠡᠯᠡᠬᠡᠶᠢᠴᠢ ᠤᠬᠠᠮᠰᠠᠷ ᠤᠨ ᠪᠦᠷᠢᠯᠳᠦᠯ
作者 ᠬᠠᠶᠢᠷᠬᠠᠨ
关键词 ᠤᠷᠴᠢᠨ ᠦᠶ᠎ᠡ; ᠮᠤᠩᠭᠤᠯ ᠤᠷᠠᠨ ᠵᠤᠬᠢᠶᠠᠯ; ᠳᠡᠯᠡᠬᠡᠶᠢᠴᠢ ᠤᠬᠠᠮᠰᠠᠷ; ᠦᠨᠳᠦᠰᠦᠲᠡᠨ ᠦ ᠤᠯᠤᠰ
摘要 ᠴᠢᠩ ᠤᠯᠤ ᠤᠨ ᠰᠡᠭᠦᠯᠴᠢ ᠡᠴᠡ ᠡᠬᠢᠯᠡᠨ ᠮᠤᠨᠭᠭᠤᠯ ᠤᠷᠠᠨ ᠵᠤᠬᠢᠶᠠᠯ ᠨᠢ ᠳᠡᠯᠡᠬᠡᠶᠢᠴᠢ ᠤᠬᠠᠮᠰᠠᠷ᠂ ᠤᠳᠤᠬᠢᠴᠢ ᠤᠯᠪᠠᠷᠢᠯ᠂ ᠦᠨᠳᠦᠰᠦᠲᠡᠨ ᠦ ᠤᠯᠤᠰ ᠤᠨ ᠴᠤᠭᠴᠠᠯᠠᠯᠲᠠ ᠬᠡᠮᠡᠬᠦ ᠰᠤᠶᠤᠯ ᠤᠨ ᠤᠴᠠᠷᠠᠯ ᠳᠤᠮᠳᠠ ᠦᠷᠲᠡᠭ ᠦᠨ ᠲᠤᠭᠲᠠᠯᠴᠠᠭ᠎ᠠ ᠪᠠᠨ ᠳᠠᠬᠢᠨ ᠴᠤᠭᠴᠠᠯᠠᠵᠤ᠂ ᠤᠳᠤᠬᠢᠴᠢ ᠤᠷᠤᠨ ᠴᠠᠭ ᠤᠨ ᠵᠠᠭᠪᠤᠷ ᠪᠠ ᠦᠷᠦᠨᠡᠳᠠᠬᠢᠨ ᠤ ᠰᠢᠨ᠎ᠡ ᠰᠠᠨᠠᠭ᠎ᠠ ᠶᠢ ᠬᠦᠢᠶᠡᠨ ᠠᠪᠴᠤ ᠡᠬᠢᠯᠡᠭᠰᠡᠨ ᠪᠠᠶᠢᠨ᠎ᠠ᠃ ᠦᠨᠳᠦᠰᠦᠲᠡᠨ ᠦ ᠤᠯᠤᠰ ᠤᠨ ᠴᠤᠭᠴᠠᠯᠠᠯᠲᠠ ᠳᠤᠮᠳᠠ ᠮᠤᠨᠭᠭᠤᠯ ᠰᠡᠭᠡᠭᠡᠲᠡᠳ 《ᠳᠡᠯᠡᠬᠡᠢ/ ᠮᠤᠨᠭᠭᠤᠯ》ᠭᠡᠬᠦ ᠰᠡᠳᠬᠢᠭᠦᠢ ᠶᠢᠨ ᠬᠡᠪᠰᠢᠯ ᠢ ᠪᠦᠷᠢᠯᠳᠦᠭᠦᠯᠵᠦ᠂ ᠤᠯᠤᠰ ᠤᠨ ᠳᠤᠲᠤᠭᠠᠳᠤ ᠶᠢᠨ ᠦᠨᠳᠦᠰᠦᠲᠡᠨ ᠦ ᠢᠵᠢᠯᠰᠢᠪᠦᠷᠢ ᠵᠢᠴᠢ ᠦᠨᠳᠦᠰᠦᠲᠡᠨ ᠦ ᠳᠤᠲᠤᠭᠠᠳᠤ ᠶᠢᠨ ᠠᠩᠭᠢ ᠳᠠᠪᠬᠤᠷᠭ᠎ᠠ ᠶᠢᠨ ᠬᠠᠷᠢᠴᠠᠭ᠎ᠠ ᠶᠢ ᠰᠢᠢᠳᠪᠦᠷᠢᠯᠡᠬᠦ ᠬᠦᠴᠢᠷᠲᠡᠢ ᠪᠠᠶᠢᠳᠠᠯ ᠳᠤ ᠤᠷᠤᠰᠢᠵᠤ ᠪᠠᠶᠢᠪᠠ᠃ ᠡᠨᠡ ᠬᠦ ᠶᠠᠪᠤᠴᠠ ᠳᠤ ᠬᠢᠮᠤᠷᠠᠯ ᠤᠨ ᠰᠡᠳᠬᠢᠴᠡ᠂ ᠬᠤᠴᠤᠷᠤᠩ᠋ᠭᠤᠢ ᠰᠡᠳᠬᠢᠴᠡ ᠪᠡ ᠨᠡᠭᠡᠭᠡᠯᠳᠡᠯᠢᠭ ᠰᠡᠳᠬᠢᠴᠡ ᠶᠢᠨ ᠤᠨᠴᠠᠯᠢᠭ ᠢ ᠪᠦᠷᠢᠯᠳᠦᠭᠦᠯᠦᠭᠰᠡᠨ ᠪᠠᠶᠢᠨ᠎ᠠ᠃ ᠳᠡᠯᠡᠬᠡᠢ ᠶᠢᠨ ᠲᠡᠦᠬᠡ ᠶᠢᠨ ᠠᠷᠤ ᠦᠵᠡᠭᠳᠡᠯ ᠳᠤᠤᠷᠠᠬᠢ ᠮᠤᠨᠭᠭᠤᠯ ᠤᠷᠠᠨ ᠵᠤᠬᠢᠶᠠᠯ ᠨᠢ ᠳᠡᠯᠡᠬᠡᠢ ᠳᠤᠮᠳᠠ ᠵᠤᠭᠰᠤᠵᠤ ᠪᠤᠳᠤᠯᠬᠢᠯᠠᠬᠤ ᠵᠤᠭᠰᠤᠴᠠ ᠶᠢ ᠰᠤᠩ᠋ᠭᠤᠵᠤ᠂ 《ᠦᠨᠳᠦᠰᠦᠲᠡᠨ ᠦ ᠰᠡᠷᠭᠦᠯᠲᠡ》᠋ ᠶᠢᠨ ᠶᠤᠭᠲᠠ ᠦᠯᠢᠭᠡᠷ ᠢ ᠶᠠᠷᠢᠬᠤ ᠶᠢᠨ ᠬᠠᠮᠲᠤ ᠪᠤᠲᠠᠭᠠᠯᠢ ᠴᠢᠨᠠᠷ ᠤᠨ ᠴᠢᠯᠦᠭᠡᠵᠢᠯ᠂ ᠵᠠᠯᠠᠭᠤ ᠨᠠᠰᠤᠨ ᠤ ᠮᠠᠭᠲᠠᠭᠠᠯ᠂ ᠡᠮᠡᠭᠲᠡᠶᠢᠴᠦᠳ ᠦᠨ ᠴᠢᠯᠦᠭᠡᠯᠡᠯᠲᠡ ᠵᠡᠷᠭᠡ ᠤᠳᠤᠬᠢ ᠦᠷᠲᠡᠭ ᠦᠨ ᠬᠦᠭᠡᠭᠡᠴᠡᠯᠳᠦᠯ ᠢ ᠢᠯᠡᠷᠡᠭᠦᠯᠵᠦ᠂ ᠬᠦᠮᠦᠯᠢᠭ ᠦᠵᠡᠯ᠂ ᠠᠷᠠᠳᠴᠢ ᠦᠵᠡᠯ᠂ ᠰᠢᠨᠵᠢᠯᠡᠬᠦ ᠤᠬᠠᠭᠠᠨ ᠤ ᠦᠵᠡᠯ ᠦᠨ ᠤᠨᠴᠠᠯᠢᠭ ᠢ ᠢᠯᠡᠷᠡᠭᠦᠯᠵᠡᠢ᠃
原文 查看原文
出自 中国蒙古学 2010年 第3期

联系我们


内蒙古大学图书馆
呼和浩特市大学西路235号
中国·内蒙古
P: (0471) 4992561
E: huangfeilong@imu.edu.cn