题名 |
ᠲᠤᠮᠤ ᠬᠤᠯᠤᠭᠠᠨ᠎ᠠ ᠶᠢᠨ ᠡᠯᠢᠭᠡᠨ ᠨᠡᠭᠡᠳᠡᠰᠦᠨ ᠦ CYP3A ᠶᠢᠨ ᠢᠳᠡᠪᠬᠢ ᠴᠢᠨᠠᠷ ᠲᠤ ᠦᠵᠡᠭᠦᠯᠬᠦ ᠢᠮᠠᠭᠠᠨ ᠵᠠᠩᠭᠤᠤ ᠶᠢᠨ ᠦᠢᠯᠡᠳᠦᠯ ᠦᠨ ᠲᠤᠬᠠᠢ ᠰᠤᠳᠤᠯᠭ᠎ᠠ |
作者 |
ᠰᠢᠶᠤᠤ ᠲᠢᠶᠠᠨ ᠮᠧᠢ; ᠴᠧᠨ ᠢᠦᠢ ᠬᠤᠸᠠ; ᠰᠢ ᠬᠠᠢ ᠱᠠᠨ; ᠵᠤᠤ ᠰᠢᠶᠠᠨ ᠹᠠᠩ; ᠪᠠᠢ ᠮᠧᠢ ᠷᠦᠩ |
关键词 |
ᠢᠮᠠᠭᠠᠨ ᠵᠠᠩᠭᠤᠤ; CYP3A ᠶᠢᠨ ᠢᠳᠡᠪᠬᠢ ᠴᠢᠨᠠᠷ; ᠲᠤᠮᠤ ᠬᠤᠯᠤᠭᠠᠨ᠎ᠠ; ᠲᠤᠷᠰᠢᠯᠲᠠ ᠶᠢᠨ ᠰᠤᠳᠤᠯᠭ᠎ᠠ |
摘要 |
ᠵᠤᠷᠢᠯᠭ᠎ᠠ᠄ ᠲᠤᠮᠤ ᠬᠤᠯᠤᠭᠠᠨ᠎ᠠ ᠶᠢᠨ ᠡᠯᠢᠭᠡᠨ ᠨᠡᠭᠡᠳᠡᠰᠦᠨ ᠦ CYP3A ᠶᠢᠨ ᠢᠳᠡᠪᠬᠢ ᠴᠢᠨᠠᠷ ᠲᠤ ᠦᠵᠡᠭᠦᠯᠬᠦ ᠲᠤᠷᠰᠢᠯᠲᠠ ᠪᠠᠷ ᠳᠠᠮᠵᠢᠨ ᠨᠦᠯᠦᠭᠡ ᠶᠢ ᠰᠤᠤᠯᠵᠤ᠂ ᠡᠮᠴᠢᠯᠡᠭᠡᠨ ᠳᠦ ᠵᠦᠪ ᠣᠨᠣᠪᠴᠢᠲᠠᠢ ᠬᠡᠷᠡᠭᠯᠡᠬᠦ ᠳᠦ ᠰᠠᠭᠤᠷᠢ ᠲᠠᠯᠪᠢᠬᠤ ᠶᠢ ᠵᠤᠷᠢᠵᠠᠢ᠃ ᠠᠷᠭ᠎ᠠ᠄ ᠲᠤᠮᠤ ᠬᠤᠯᠤᠭᠠᠨ᠎ᠠ 20 ᠶᠢ ᠠᠪᠴᠤ᠂ ᠡᠷᠡᠭᠦᠯ ᠬᠠᠷᠢᠴᠠᠭᠤᠯᠬᠤ ᠳᠤᠭᠤᠢᠯᠠᠩ ᠪᠠ ᠢᠮᠠᠭᠠᠨ ᠵᠠᠩᠭᠤᠤ ᠶᠢᠨ ᠳᠤᠭᠤᠢᠯᠠᠩ ᠭᠡᠬᠦ ᠬᠤᠶᠠᠷ ᠳᠤᠭᠤᠢᠯᠠᠩ ᠬᠤᠪᠢᠶᠠᠵᠤ᠂ ᠢᠮᠠᠭᠠᠨ ᠵᠠᠩᠭᠤ ᠶᠢᠨ ᠳᠤᠭᠤᠢᠯᠠᠩ ᠳᠤ ᠢᠮᠠᠭᠠᠨ ᠵᠠᠩᠭᠤᠤ ᠶᠢᠨ ᠠᠭᠤᠰᠤᠮᠠᠯ ᠢ ᠦᠷᠭᠦᠯᠵᠢᠯᠡᠨ 10 ᠡᠳᠦᠷ ᠤᠤᠭᠤᠯᠭᠠᠵᠤ; ᠡᠷᠡᠭᠦᠯ ᠬᠠᠷᠢᠴᠠᠭᠤᠯᠬᠤ ᠳᠤᠭᠤᠢᠯᠠᠩ ᠳᠤ ᠠᠳᠠᠯᠢ ᠡᠵᠡᠯᠡᠭᠦᠨ ᠲᠠᠢ ᠹᠢᠽᠢᠤᠯᠤᠬᠢ ᠶᠢᠨ ᠳᠠᠪᠤᠰᠤᠨ ᠠᠭᠤᠰᠤᠮᠠᠯ ᠢ ᠤᠤᠭᠤᠯᠭᠠᠨ᠎ᠠ᠃ ᠬᠠᠮᠤᠭ ᠰᠡᠭᠦᠯᠴᠢ ᠶᠢᠨ ᠡᠳᠦᠷ ᠤᠤᠭᠤᠯᠭᠠᠭᠰᠠᠨ ᠤ ᠳᠠᠷᠠᠭ᠎ᠠ ᠬᠤᠶᠠᠷ ᠳᠤᠭᠤᠢᠯᠠᠩ ᠤᠨ ᠬᠤᠯᠤᠭᠠᠨ᠎ᠠ ᠶᠢᠨ ᠡᠯᠢᠭᠡᠨ ᠨᠡᠭᠡᠳᠡᠰᠦ ᠶᠢ ᠭᠠᠷᠭᠠᠨ ᠠᠪᠴᠤ᠂ ᠬᠤᠩ ᠮᠧᠢ ᠰᠤ -N- ᠮᠧᠲ᠋ᠢᠯ ᠪᠦᠯᠦᠭ ᠠᠯᠳᠠᠭᠤᠯᠬᠤ ᠠᠷᠭ᠎ᠠ ᠪᠠᠷ᠂ ᠡᠯᠢᠭᠡᠨ ᠨᠡᠭᠡᠳᠡᠰᠦᠨ ᠳᠡᠬᠢ CYP3A ᠶᠢᠨ ᠢᠳᠡᠪᠬᠢ ᠴᠢᠨᠠᠷ ᠲᠤ ᠬᠡᠮᠵᠢᠯᠲᠡ ᠬᠢᠨ᠎ᠡ᠃ ᠦᠷ᠎ᠡ ᠳ᠋ᠦᠩ᠄ ᠡᠷᠡᠭᠦᠯ ᠬᠠᠷᠢᠴᠠᠭᠤᠯᠬᠤ ᠳᠤᠭᠤᠢᠯᠠᠩ ᠢ ᠢᠮᠠᠭᠠᠨ ᠵᠠᠩᠭᠤᠤ ᠶᠢᠨ ᠳᠤᠭᠤᠢᠯᠠᠩ ᠲᠠᠢ ᠬᠠᠷᠢᠴᠠᠭᠤᠯᠬᠤ ᠳᠤ᠂ ᠡᠯᠢᠭᠡᠨ ᠨᠡᠭᠡᠳᠡᠰᠦᠨ ᠳᠡᠬᠢ CYP3A ᠶᠢᠨ ᠢᠳᠡᠪᠬᠢ ᠴᠢᠨᠠᠷ ᠤᠨ ᠲᠦᠪᠰᠢᠨ ᠨᠢ ᠮᠡᠳᠡᠭᠳᠡᠮ᠎ᠡ ᠳᠤᠤᠷ᠎ᠠ ᠪᠠᠢᠨ᠎ᠠ (P<0.05)᠃ ᠳ᠋ᠦᠩᠨᠡᠯᠲᠡ᠄ ᠲᠤᠷᠰᠢᠯᠲᠠ ᠶᠢᠨ ᠦᠷ᠎ᠡ ᠳ᠋ᠦᠩ ᠡᠴᠡ ᠮᠡᠳᠡᠭᠰᠡᠨ ᠨᠢ᠂ ᠢᠮᠠᠭᠠᠨ ᠵᠠᠩᠭᠤᠤ ᠨᠢ ᠡᠯᠢᠭᠡᠨ ᠨᠡᠭᠡᠳᠡᠰᠦᠨ ᠦ CYP3A ᠶᠢᠨ ᠢᠳᠡᠪᠬᠢ ᠴᠢᠨᠠᠷ ᠢ ᠳᠡᠭᠡᠭᠰᠢᠯᠡᠭᠦᠯᠦᠨ᠂ ᠬᠤᠪᠢ ᠪᠡᠶ᠎ᠡ ᠶᠢᠨ ᠰᠤᠯᠢᠯᠴᠠᠭ᠎ᠠ ᠶᠢ ᠲᠦᠷᠭᠡᠳᠭᠡᠬᠦ ᠬᠠᠨᠳᠤᠰᠢ ᠲᠠᠢ ᠪᠠᠢᠨ᠎ᠠ᠃ ᠳᠠᠷᠤᠢ ᠢᠮᠠᠭᠠᠨ ᠵᠠᠩᠭᠤᠤ ᠶᠢ ᠡᠮᠴᠢᠯᠡᠭᠡᠨ ᠳᠡᠭᠡᠷ᠎ᠡ ᠬᠡᠷᠡᠭᠯᠡᠬᠦ ᠦᠶ᠎ᠡ ᠳᠦ᠂ ᠡᠮ ᠦᠭᠬᠦ ᠬᠤᠪᠢ ᠬᠡᠮᠵᠢᠶ᠎ᠡ ᠶᠢ ᠵᠤᠬᠢᠰᠲᠠᠢ ᠨᠡᠮᠡᠭᠳᠡᠭᠦᠯᠵᠦ ᠬᠡᠷᠡᠭᠯᠡᠪᠡᠯ ᠰᠠᠶᠢ ᠢᠮᠠᠭᠠᠨ ᠵᠠᠩᠭᠤᠤ ᠶᠢᠨ ᠡᠪᠡᠳᠴᠢᠨ ᠲᠡᠢ ᠬᠡᠰᠡᠭ ᠲᠡᠬᠢ ᠬᠤᠪᠢ ᠬᠡᠮᠵᠢᠶ᠎ᠡ ᠶᠢ ᠪᠠᠲᠤᠯᠠᠵᠤ ᠳᠡᠢᠯᠦᠨ᠎ᠡ᠃ |
原文 |
没有原文
|
出自 |
内蒙古民族大学学报(蒙医药学)
2015年
第2期
|