摘要 |
ᠮᠣᠩᠭᠤᠯᠴᠤᠳ ᠲᠡᠦᠬᠡᠨ ᠳᠡᠭᠡᠷ᠎ᠡ ᠠᠳᠠᠯᠢ ᠪᠤᠰᠤ ᠨᠤᠲᠤᠭ ᠲᠤ ᠪᠠᠭ᠎ᠠ ᠬᠡᠪᠴᠢᠶᠡᠨ ᠦ ᠲᠠᠷᠢᠶ᠎ᠠ ᠠᠵᠤ ᠠᠬᠤᠢᠯᠠᠯ ᠡᠷᠬᠢᠯᠡᠵᠦ ᠪᠠᠢᠭᠰᠠᠨ ᠲᠦᠯᠦᠪᠲᠡᠢ ᠪᠤᠯᠪᠠᠴᠤ ᠲᠠᠷᠢᠶᠠᠯᠠᠩ ᠶᠡᠷᠦ ᠡᠴᠡ ᠲᠡᠳᠡᠨ ᠦ ᠭᠤᠤᠯ ᠠᠵᠤ ᠠᠬᠤᠢ ᠪᠤᠯᠵᠤ ᠪᠠᠢᠭᠰᠠᠨ ᠦᠭᠡᠢ᠃ ᠣᠢᠷ᠎ᠠ ᠣᠷᠴᠢᠨ ᠠᠴᠠ ᠢᠯᠠᠩᠭᠤᠶ᠎ᠠ ᠦᠪᠦᠷ ᠮᠣᠩᠭᠤᠯ ᠤᠨ ᠵᠡᠭᠦᠨ ᠬᠡᠰᠡᠭ ᠦᠨ ᠬᠣᠷᠴᠢᠨ (ᠬᠠᠷᠠᠴᠢᠨ ᠲᠦᠮᠡᠳ ᠴᠦ ᠠᠳᠠᠯᠢ) ᠵᠡᠷᠭᠡ ᠭᠠᠵᠠᠷ ᠲᠤ ᠨᠡᠢᠭᠡᠮ ᠲᠡᠦᠬᠡ ᠪᠡ ᠪᠠᠢᠭᠠᠯᠢ ᠣᠷᠴᠢᠨ ᠤ ᠡᠯᠳᠡᠪ ᠰᠢᠯᠲᠠᠭᠠᠨ ᠢᠶᠠᠷ ᠮᠠᠰᠢ ᠲᠦᠷᠭᠡᠨ ᠲᠠᠷᠢᠶᠠᠵᠢᠭᠰᠠᠨ ᠪᠠᠢᠨ᠎ᠠ᠃ ᠤᠭ ᠠᠰᠠᠭᠤᠳᠠᠯ ᠳᠤ ᠵᠤᠷᠢᠭᠤᠯᠤᠨ ᠬᠣᠷᠴᠢᠨ ᠠᠮᠠᠨ ᠠᠶᠠᠯᠭᠤᠨ ᠳᠤ ᠵᠦᠩᠳᠡᠭᠡᠨ ᠶᠠᠷᠢᠭᠳᠠᠳᠠᠭ ᠨᠤᠭᠤᠭ᠎ᠠ ᠴᠠᠭ᠎ᠠ᠂ ᠠᠮᠤ ᠲᠠᠷᠢᠶ ᠠ ᠶᠢᠨ ᠨᠡᠷ᠎ᠡ ᠶᠢ ᠠᠵᠢᠭᠯᠠᠨ ᠰᠢᠨᠵᠢᠯᠡᠵᠦ ᠲᠡᠭᠦᠨ ᠦ ᠣᠯᠠᠩᠭᠢ ᠨᠢ ᠬᠢᠲᠠᠳ ᠭᠠᠷᠤᠯᠲᠠᠢ ᠦᠭᠡᠰ ᠪᠤᠯᠬᠤ ᠶᠢ ᠲᠤᠳᠤᠷᠬᠠᠢᠯᠠᠬᠤ ᠪᠠᠷ ᠳᠠᠮᠵᠢᠭᠤᠯᠤᠨ ᠮᠣᠩᠭᠤᠯ ᠤᠯᠠᠮᠵᠢᠯᠠᠯᠲᠤ ᠰᠤᠶᠤᠯ ᠤᠨ ᠬᠤᠪᠢᠷᠠᠯ ᠬᠤᠪᠢᠰᠤᠯ ᠤᠨ ᠲᠡᠦᠬᠡ ᠶᠢ ᠰᠤᠳᠤᠯᠬᠤ ᠳᠤ ᠬᠡᠯᠡᠨ ᠦ ᠪᠠᠷᠢᠮᠲᠠ ᠬᠠᠩᠭᠠᠬᠤ ᠶᠢ ᠰᠠᠨᠠᠭᠠᠴᠢᠯᠠᠪᠠ᠃ |