题名 |
ᠬᠠᠷᠢ ᠦᠨᠳᠦᠰᠦᠲᠡᠨ ᠲᠡᠢ ᠤᠷᠤᠭᠯᠠᠭᠰᠠᠳ ᠤᠨ ᠦᠷ᠎ᠡ ᠬᠡᠦᠬᠡᠳ ᠦᠨ ᠣᠪᠤᠭ ᠤᠨ ᠠᠰᠠᠭᠤᠳᠠᠯ ᠳᠤ |
作者 |
ᠪ᠂ ᠮᠦᠩᠭᠡᠳᠠᠯᠠᠢ |
关键词 |
ᠬᠠᠷᠢ ᠦᠨᠳᠦᠰᠦᠲᠡᠨ ᠲᠡᠢ ᠤᠷᠤᠭᠯᠠᠭᠰᠠᠨ ᠭᠡᠷ ᠪᠦᠯᠢ; ᠦᠷ᠎ᠡ ᠬᠡᠦᠬᠡᠳ; ᠣᠪᠤᠭ ᠤᠨ ᠠᠰᠠᠭᠤᠳᠠᠯ |
摘要 |
ᠰᠢᠨ᠎ᠡ ᠳᠤᠮᠳᠠᠳᠤ ᠤᠯᠤᠰ ᠪᠠᠢ᠌ᠭᠤᠯᠤᠭᠳᠠᠭᠰᠠᠨ ᠠᠴᠠ ᠨᠠᠰᠢ ᠦᠨᠳᠦᠰᠦᠲᠡᠨ ᠦ ᠣᠷᠤᠨ ᠨᠤᠲᠤᠭ ᠲᠤ ᠡᠯ᠎ᠡ ᠦᠨᠳᠦᠰᠦᠲᠡᠨ ᠦ ᠠᠷᠠᠳ ᠲᠦᠮᠡᠨ ᠬᠤᠭᠤᠷᠤᠨᠳᠤ ᠪᠠᠨ ᠤᠷᠤᠭᠯᠠᠬᠤ ᠨᠢ ᠮᠠᠰᠢ ᠡᠩ ᠦᠨ ᠦᠵᠡᠭᠳᠡᠯ ᠪᠤᠯᠵᠠᠢ᠃ ᠬᠠᠷᠢ ᠦᠨᠳᠦᠰᠦᠲᠡᠨ ᠲᠡᠢ ᠤᠷᠤᠭᠯᠠᠭᠰᠠᠨ ᠭᠡᠷ ᠪᠦᠯᠦ ᠣᠯᠠᠰᠢᠷᠠᠬᠤ ᠶᠢ ᠳᠠᠭᠠᠯᠳᠤᠨ᠂ ᠲᠡᠳᠡᠨᠦᠰ ᠦᠨ ᠦᠷ᠎ᠡ ᠬᠡᠦᠬᠡᠳ ᠦᠨ ᠣᠯᠠᠩᠭᠢᠨᠢ ᠡᠴᠢᠬᠡ ᠶᠢᠨ ᠢᠶᠡᠨ ᠣᠪᠤᠭ ᠢ ᠳᠠᠭᠠᠵᠤ᠂ ᠡᠬᠡ ᠶᠢᠨ ᠢᠶᠡᠨ ᠦᠨᠳᠦᠰᠦᠲᠡᠨ ᠲᠡᠢ ᠳᠠᠩᠰᠠᠯᠠᠭᠰᠠᠨ ᠠᠴᠠ ᠪᠤᠯᠵᠤ ᠣᠪᠤᠭ ᠣᠨᠳᠤᠤᠰᠢᠬᠤ ᠦᠵᠡᠭᠳᠡᠯ ᠢᠯᠡᠷᠡᠵᠦ ᠤᠬᠤᠷᠬᠠᠨ ᠬᠤᠭᠤᠴᠠᠭᠠᠨ ᠤ ᠳᠤᠲᠤᠷ᠎ᠠ ᠴᠦᠬᠡᠨ ᠲᠤᠭᠠᠲᠤ ᠦᠨᠳᠦᠰᠦᠲᠡᠨ ᠦ ᠣᠪᠤᠭ ᠲᠤ ᠠᠯᠢ ᠣᠯᠠᠨ ᠬᠠᠷᠢ ᠭᠠᠷᠤᠯ ᠲᠠᠢ ᠣᠪᠤᠭ ᠨᠡᠮᠡᠭᠳᠡᠪᠡ᠃ ᠴᠦᠬᠡᠨ ᠲᠤᠭᠠᠲᠤ ᠦᠨᠳᠦᠰᠦᠲᠡᠨ ᠦ ᠣᠪᠤᠭ ᠤᠨ ᠡᠮᠬᠢ ᠵᠢᠷᠦᠮ ᠪᠡ ᠲᠣᠭᠲᠠᠭᠤᠨ ᠴᠢᠨᠠᠷ ᠢ ᠪᠠᠲᠤᠯᠠᠬᠤ ᠶᠢᠨ ᠲᠦᠯᠦᠭᠡ ᠬᠠᠷᠢ ᠦᠨᠳᠦᠰᠦᠲᠡᠨ ᠲᠡᠢ ᠤᠷᠤᠭᠯᠠᠭᠰᠠᠳ ᠤᠨ ᠦᠷ᠎ᠡ ᠬᠡᠦᠬᠡᠳ ᠨᠢ ᠬᠡᠨ ᠦ ᠬᠢᠨ ᠣᠪᠤᠭ ᠢ ᠳᠠᠭᠠᠵᠤ᠂ ᠬᠡᠨ ᠦ ᠬᠢᠨ ᠦᠨᠳᠦᠰᠦᠲᠡᠨ ᠢᠶᠡᠷ ᠮᠡᠳᠡᠭᠦᠯᠵᠦ ᠳᠠᠩᠰᠠᠯᠠᠬᠤ ᠲᠤᠬᠠᠢ ᠬᠠᠤᠯᠢ ᠳᠦᠷᠢᠮ ᠲᠤᠭᠲᠠᠭᠠᠵᠤ ᠳᠦᠷᠢᠮᠵᠢᠭᠦᠯᠪᠡᠯ ᠵᠤᠬᠢᠨ᠎ᠠ᠃ |
原文 |
查看原文
|
出自 |
内蒙古社会科学(蒙文版)
2010年
第5期
|