摘要 |
ᠮᠤᠩᠭ᠋ᠤᠯ ᠦᠨᠳᠦᠰᠦᠳᠡᠨ ᠤ ᠤᠷᠴᠢᠨ ᠦᠶ᠎ᠡ ᠶᠢᠨ ᠲᠡᠦᠬᠡ ᠰᠤᠶᠤᠯ ᠢ ᠲᠡᠯᠭᠡᠨ ᠦᠵᠡᠬᠦ ᠳᠤ ᠮᠤᠩᠭ᠋ᠤᠯ ᠤᠨ ᠰᠡᠭᠡᠭᠡᠳᠡᠳ ᠤᠨ ᠲᠤᠮᠳᠠ ᠦᠨᠳᠦᠰᠦᠳᠡᠨ ᠶᠢᠡᠨ ᠲᠠᠭᠤᠳᠠᠨ ᠰᠡᠷᠡᠭᠡᠬᠦ᠂ ᠹᠸᠤᠳᠠᠯ ᠶᠤᠰᠤ ᠬᠦᠷᠦᠩᠭᠡᠳᠦ ᠶᠤᠰᠤ᠂ ᠰᠢᠷ᠎ᠡ ᠶᠢᠨ ᠱᠠᠰᠢᠨ ᠢ ᠡᠰᠡᠷᠭᠦᠴᠡᠬᠦ ᠵᠡᠷᠭᠡ ᠰᠡᠭᠡᠭᠡᠷᠡᠭᠦᠯᠬᠦ ᠦᠵᠡᠯ ᠨᠢ ᠶᠡᠬᠡᠪᠡᠷ ᠲᠡᠯᠭᠡᠷᠡᠵᠦ ᠪᠠᠢ᠌ᠭᠰᠠᠨ ᠪᠠᠢ᠌ᠨ᠎ᠠ᠃ ᠵᠢᠱᠢᠶᠡᠯᠡᠪᠡᠯ᠂ ᠨᠡ᠊ · ᠰᠠᠢ᠌ᠨᠴᠤᠭᠳᠤ ᠶᠢᠨ ᠦᠭᠡᠷᠡᠴᠢᠯᠡᠯᠳᠡ ᠶᠢᠨ ᠦᠵᠡᠯᠳᠡ᠂ ᠭᠦᠩᠰᠠᠩᠨᠤᠷᠪᠤ ᠶᠢᠨ ᠰᠤᠷᠭᠠᠨ ᠬᠦᠮᠦᠵᠢᠯ ᠤᠨ ᠦᠵᠡᠯ ᠰᠠᠨᠠᠭ᠎ᠠ᠂ ᠰ · ᠪᠤᠶᠠᠨᠨᠠᠮᠠᠬᠦ ᠶᠢᠨ ᠬᠤᠪᠢᠰᠬᠠᠯ ᠶᠢᠡᠷ ᠦᠨᠳᠦᠰᠦᠳᠡᠨ ᠶᠢᠡᠨ ᠰᠡᠷᠡᠭᠡᠬᠦ ᠦᠵᠡᠯᠳᠡ ᠭᠡᠬᠦ ᠮᠡᠳᠦ ᠤᠯᠠᠨ ᠵᠦᠢᠯ ᠪᠤᠢ᠃ ᠱ · ᠠᠶᠤᠰᠢ ᠶᠢᠨ ᠦᠵᠡᠯ ᠰᠠᠨᠠᠭ᠎ᠠ ᠶᠢ ᠭᠤᠤᠯᠳᠠᠭᠤ ᠦᠨᠳᠦᠰᠦᠳᠡᠨ ᠤ ᠤᠬᠠᠮᠰᠠᠷ ᠢ ᠲᠠᠭᠤᠳᠠᠨ ᠰᠡᠷᠡᠭᠡᠬᠦ ᠦᠵᠡᠯ ᠰᠠᠨᠠᠭ᠎ᠠ᠂ ᠬᠠᠷ᠎ᠠ ᠰᠢᠷ᠎ᠠ ᠹᠸᠤᠳᠠᠯ ᠢ ᠡᠰᠡᠷᠭᠦᠴᠡᠬᠦ ᠦᠵᠡᠯ ᠰᠠᠨᠠᠭ᠎ᠠ᠂ ᠬᠤᠪᠢᠰᠬᠠᠯᠳᠤ ᠦᠭᠡᠷᠡᠴᠢᠯᠡᠯᠳᠡ ᠶᠢᠨ ᠦᠵᠡᠯ ᠰᠠᠨᠠᠭ᠎ᠠ ᠪᠠ ᠲᠡᠦᠬᠡ ᠶᠢᠨ ᠬᠦᠭ᠍ᠵᠢᠯᠳᠡ ᠶᠢᠨ ᠲᠤᠬᠠᠢ ᠦᠵᠡᠯ ᠰᠠᠨᠠᠭ᠎ᠠ ᠭᠡᠵᠦ ᠲᠦᠷᠪᠡ ᠬᠤᠪᠢᠶᠠᠨ ᠦᠵᠡᠵᠦ ᠪᠤᠯᠤᠨ᠎ᠠ᠃ ᠭᠡᠬᠦ ᠳᠤ ᠪᠠᠨ ᠲᠡᠭᠦᠨ ᠤ ᠡᠳᠡᠭᠡᠷ ᠦᠵᠡᠯ ᠰᠠᠨᠠᠭ᠎ᠠ ᠨᠢ ᠴᠦᠮ ᠵᠦᠴᠦᠬᠡ ᠶᠢᠨ ᠵᠤᠬᠢᠶᠠᠯ ᠪᠤᠶᠤ ᠵᠦᠴᠦᠭᠡ ᠤᠷᠠᠯᠢᠭ ᠤᠨ ᠤᠨᠤᠯ ᠦᠭᠦᠯᠡᠬᠦᠢ ᠳᠤ ᠨᠢ ᠲᠦᠪᠯᠡᠷᠡᠨ ᠢᠯᠡᠷᠡᠵᠦ ᠪᠠᠢ᠌ᠨ᠎ᠠ᠃ |