摘要 |
《ᠨᠢᠭᠤᠴᠠ ᠲᠤᠪᠴᠢᠶᠠᠨ》 ᠤ ᠬᠡᠯᠡᠨ ᠳ᠋ᠤ ᠴᠡᠪᠡᠷ ᠤᠷᠲᠤ ᠡᠭᠡᠰᠢᠭ᠂ ᠬᠤᠤᠰ ᠤᠷᠲᠤ ᠡᠭᠡᠰᠢᠭ ᠭᠡᠵᠦ ᠬᠤᠶᠠᠷ ᠵᠦᠢᠯ ᠤᠨ ᠤᠷᠲᠤ ᠡᠭᠡᠰᠢᠭ ᠪᠤᠢ᠃ ᠡᠷᠲᠡᠨ ᠤ ᠬᠢᠲᠠᠳ ᠬᠡᠯᠡᠨ ᠳ᠋ᠤ ᠤᠷᠲᠤ ᠡᠭᠡᠰᠢᠭ ᠪᠠᠢᠬᠤ ᠦᠭᠡᠢ᠃ ᠮᠣᠩᠭᠤᠯ ᠬᠡᠯᠡᠨ ᠤ ᠤᠷᠲᠤ ᠡᠭᠡᠰᠢᠭ ᠢ 《ᠨᠢᠭᠤᠴᠠ ᠲᠤᠪᠴᠢᠶᠠᠨ》ᠳ᠋ᠤ ᠬᠢᠲᠠᠳ ᠦᠰᠦᠭ ᠢᠢᠡᠷ ᠭᠠᠯᠢᠭᠯᠠᠬᠤ ᠪᠠ ᠭᠠᠭᠴᠠ ᠦᠰᠦᠭ ᠢᠢᠡᠷ ᠭᠠᠯᠢᠭᠯᠠᠬᠤ ᠬᠤᠶᠠᠷ ᠠᠷᠭ᠎ᠠ ᠵᠢ ᠬᠤᠤᠰᠯᠠᠭᠤᠯᠤᠨ ᠭᠡᠷᠡᠭᠯᠡᠳᠡᠭ᠃ ᠡᠨᠡ ᠠᠷᠭ᠎ᠠ ᠨᠢ ᠭᠠᠯᠢᠭᠯᠠᠭᠳᠠᠵᠤ ᠪᠠᠢᠭ᠎ᠠ ᠡᠭᠡᠰᠢᠭ ᠤᠨ ᠤᠷᠲᠤ ᠡᠭᠡᠰᠢᠭ ᠪᠣᠯᠬᠤ ᠵᠢ ᠬᠤᠶᠠᠷ ᠲᠠᠯ ᠠ ᠡᠴᠡ ᠨᠡᠲᠠᠯᠠᠭᠰᠠᠨ ᠶᠠᠪᠤᠳᠠᠯ ᠪᠣᠯᠤᠨ᠎ᠠ᠃ ᠤᠷᠲᠤ ᠡᠭᠡᠰᠢᠭ ᠢ ᠬᠤᠶᠠᠷ ᠦᠰᠦᠭ ᠢᠢᠡᠷ ᠭᠠᠯᠢᠭᠯᠠᠬᠤ ᠵᠤᠷᠰᠢᠯ ᠨᠢ ᠰᠠᠯᠹᠠ ᠮᠣᠩᠭᠤᠯ ᠦᠰᠦᠭ ᠤᠨᠪᠢᠴᠢᠯᠭᠡ ᠲᠠᠢ ᠠᠳᠠᠯᠢᠬᠠᠨ᠃ ᠣᠳᠣ ᠬᠢᠲᠠᠳ ᠦᠰᠦᠭ ᠢᠢᠡᠷ ᠬᠠᠷᠢ ᠬᠡᠯᠡᠨ ᠤ ᠤᠷᠲᠤ ᠡᠭᠡᠰᠢᠭ ᠢ ᠭᠠᠯᠢᠭᠯᠠᠬᠤ ᠳ᠋ᠠᠭᠠᠨ ᠭᠠᠭᠴᠠ ᠦᠰᠦᠭ ᠢᠢᠡᠷ ᠭᠠᠯᠢᠭᠯᠠᠬᠤ ᠤᠯᠠᠮᠵᠢᠯᠠᠯ ᠢ ᠦᠷᠬᠦᠯᠵᠢᠯᠡᠬᠦᠯᠵᠦ ᠴᠢᠳᠠᠳᠠᠭ᠃ |