摘要 |
ᠡᠨᠡ ᠬᠦ ᠦᠭᠦᠯᠡᠯ ᠳᠤ ᠤᠯᠠᠭᠠᠨᠬᠠᠳᠠ ᠬᠤᠳᠠ ᠶᠢᠨ ᠵᠠᠷᠢᠮ ᠲᠤᠭᠤᠷᠢᠭ ᠪᠤᠯᠤᠨ ᠠᠷᠤ ᠬᠤᠷᠴᠢᠨ ᠬᠤᠰᠢᠭᠤᠨ ᠳᠤ ᠠᠮᠢᠳᠤᠷᠠᠵᠤ ᠪᠠᠢ᠌ᠭ᠎ᠠ ᠦᠭᠡᠯᠡᠳ ᠶᠠᠰᠤᠳᠠᠨ ᠤ ᠨᠤᠳᠤᠭ ᠤᠰᠤ᠂ ᠬᠦᠮᠦᠨ ᠠᠮᠠ ᠶᠢᠨ ᠤᠳᠤ ᠶᠢᠨ ᠪᠠᠢ᠌ᠳᠠᠯ᠂ ᠬᠡᠯᠡ ᠠᠶᠠᠯᠭᠤ ᠶᠢᠨ ᠪᠠᠢ᠌ᠳᠠᠯ᠂ ᠠᠮᠢᠳᠤᠷᠠᠯ ᠤᠨ ᠵᠠᠩ ᠲᠠᠳᠬᠠᠯ ᠤᠨ ᠪᠠᠢ᠌ᠳᠠᠯ ᠢ ᠲᠤᠳᠤᠷᠠᠭᠤᠯᠤᠨ ᠦᠭᠦᠯᠡᠵᠡᠢ᠃ ᠠᠷᠤ ᠬᠤᠷᠴᠢᠨ ᠤ ᠦᠭᠡᠯᠡᠳ ᠶᠠᠰᠤᠳᠠᠨ ᠤ ᠬᠡᠯᠡ ᠠᠶᠠᠯᠭᠤ᠂ ᠠᠮᠢᠳᠤᠷᠠᠯ ᠤᠨ ᠵᠠᠩ ᠲᠠᠳᠬᠠᠯ ᠤᠨ ᠦᠩᠭᠡᠷᠡᠭᠰᠡᠨ ᠤ ᠤᠯᠠᠮᠵᠢᠯᠠᠯ ᠪᠠ ᠤᠳᠤ ᠶᠢᠨ ᠬᠠᠳᠠᠭᠠᠯᠠᠭᠳᠠᠵᠤ ᠪᠠᠢ᠌ᠭ᠎ᠠ ᠪᠠᠢ᠌ᠳᠠᠯ ᠢ 《ᠮᠤᠩᠭ᠋ᠤᠯ ᠤᠨ ᠨᠢᠭᠤᠴᠠ ᠲᠤᠪᠴᠢᠶᠠᠨ》᠂ 《ᠵᠠᠩᠭ᠋ᠠᠷ》 ᠮᠡᠳᠦ ᠶᠢᠨ ᠰᠤᠷᠪᠤᠯᠵᠢ ᠪᠢᠴᠢᠭ᠌ ᠤᠨ ᠮᠡᠳᠡᠭᠡ ᠪᠠᠷᠢᠮᠳᠠ ᠯᠤᠭ᠎ᠠ ᠬᠠᠷᠢᠴᠠᠭᠤᠯᠤᠨ ᠲᠤᠳᠤᠷᠬᠠᠢ᠌ᠯᠠᠵᠤ ᠰᠢᠨᠵᠢᠯᠡᠵᠡᠢ᠃ |