论文信息


题名 ᠮᠣᠩ᠋ᠭᠤᠯ ᠬᠡᠯᠡᠨ ᠦ ᠦᠭᠡ ᠶᠢᠨ ᠡᠬᠢᠨ ᠦ n:Ø᠋  ᠤᠨ ᠲᠤᠬᠢᠷᠠᠯᠴᠠᠭᠠᠨ ᠤ ᠲᠤᠬᠠᠢ
作者 ᠪᠠᠢ ᠵᠢᠶᠦ᠋ᠨ ᠷᠦᠢ
关键词
摘要 ᠵᠤᠬᠢᠶᠠᠭᠴᠢ ᠠᠴᠠ ᠲᠤᠰ ᠦᠭᠦᠯᠡᠯ ᠳᠡᠭᠡᠨ ᠠᠳᠠᠯᠢ ᠪᠤᠰᠤ ᠴᠠᠭ ᠦᠶ᠎ᠡ ᠶᠢᠨ ᠮᠣᠩ᠋ᠭᠤᠯ ᠬᠡᠯᠡ᠂ ᠮᠣᠩ᠋ᠭᠤᠯ ᠲᠦᠷᠦᠯ ᠬᠡᠯᠡ ᠵᠢᠴᠢ ᠠᠶᠠᠯᠭᠤ ᠨᠤᠭᠤᠳ ᠲᠤ ᠣᠷᠤᠰᠢᠵᠤ ᠪᠠᠢ᠌ᠭ᠎ᠠ ᠵᠠᠷᠢᠮ ᠦᠭᠡᠨ ᠦ ᠡᠬᠢᠨ ᠦ ᠦᠶ᠎ᠡ ᠶᠢ ᠬᠠᠶᠠ n ᠲᠠᠢ᠂ ᠬᠠᠶᠠ n ᠦᠭᠡᠢ ᠬᠡᠯᠡᠳᠡᠭ ᠦᠵᠡᠭᠳᠡᠯ ᠢ ᠠᠩ᠋ᠬ᠎ᠠ ᠤᠳᠠᠭ᠎ᠠ n:Ø᠋ ᠤᠨ ᠠᠪᠢᠶᠠᠨ ᠤ ᠲᠤᠬᠢᠷᠠᠯᠴᠠᠭᠠᠨ ᠤ ᠬᠤᠪᠢ ᠪᠠᠷ ᠳᠤᠷᠠᠳᠤᠨ ᠭᠠᠷᠭᠠᠵᠤ᠂ ᠳᠤᠮᠳᠠᠳᠤ ᠵᠠᠭᠤᠨ ᠤ ᠦᠶ᠎ᠡ ᠶᠢᠨ ᠮᠣᠩ᠋ᠭᠤᠯ ᠬᠡᠯᠡ ᠪᠤᠯᠤᠨ ᠣᠳᠣ ᠦᠶ᠎ᠡ ᠶᠢᠨ ᠮᠣᠩ᠋ᠭᠤᠯ ᠬᠡᠯᠡ᠂ ᠮᠣᠩ᠋ᠭᠤᠯ ᠪᠢᠴᠢᠭ᠌ ᠦᠨ ᠬᠡᠯᠡ ᠪᠤᠯᠤᠨ ᠮᠣᠩ᠋ᠭᠤᠯ ᠲᠦᠷᠦᠯ ᠬᠡᠯᠡ᠂ ᠨᠤᠲᠤᠭ ᠤᠨ ᠠᠶᠠᠯᠭᠤ᠂ ᠮᠣᠩ᠋ᠭᠤᠯ ᠲᠦᠷᠦᠯ ᠬᠡᠯᠡ ᠪᠤᠯᠤᠨ ᠠᠯᠳᠠᠢ ᠢᠵᠠᠭᠤᠷᠲᠤ ᠪᠤᠰᠤᠳ ᠲᠦᠷᠦᠯ ᠬᠡᠯᠡ᠋ᠡ ᠨᠦᠬᠦᠳ ᠦᠨ ᠬᠤᠭᠤᠷᠤᠨᠳᠤ ᠣᠷᠤᠰᠢᠵᠤ ᠪᠠᠢ᠌ᠭ᠎ᠠ n:Ø᠋ ᠤᠨ ᠲᠤᠬᠢᠷᠠᠯᠴᠠᠭ᠎ᠠ ᠪᠦᠬᠦᠢ ᠵᠢᠱᠢᠶ᠎ᠡ ᠨᠦᠬᠦᠳ ᠢ ᠵᠢᠭ᠌ᠰᠠᠭᠠᠭᠠᠳ᠂ ᠡᠢ᠌ᠮᠦᠷᠭᠦ ᠲᠤᠬᠢᠷᠠᠯᠴᠠᠭ᠎ᠠ ᠨᠢ ᠮᠣᠩ᠋ᠭᠤᠯ ᠬᠡᠯᠡᠨ ᠦ ᠳᠤᠲᠤᠭᠠᠳᠤ ᠳᠤ ᠪᠠᠢ᠌ᠬᠤ ᠪᠠᠷ ᠪᠠᠷᠠᠬᠤ ᠦᠭᠡᠢ᠂ ᠮᠣᠩ᠋ᠭᠤᠯ ᠬᠡᠯᠡ ᠯᠦᠭᠡ ᠬᠠᠷᠢᠴᠠᠭ᠎ᠠ ᠬᠤᠯᠪᠤᠭ᠎ᠠ ᠪᠦᠬᠦᠢ ᠬᠡᠯᠡ ᠨᠦᠬᠦᠳ ᠲᠦ ᠴᠦ ᠲᠦᠭᠡᠮᠡᠯ ᠬᠠᠷᠠᠭᠳᠠᠵᠤ ᠪᠠᠢ᠌ᠭ᠎ᠠ ᠶᠢ ᠭᠡᠷᠡᠴᠢᠯᠡᠭᠡᠳ᠂ ᠡᠢ᠌ᠮᠦᠷᠭᠦ ᠲᠤᠬᠢᠷᠠᠯᠴᠠᠭ᠎ᠠ ᠨᠢ ᠪᠢᠳᠡᠨ ᠳᠦ ᠣᠯᠳᠠᠵᠤ ᠪᠠᠢ᠌ᠭ᠎ᠠ ᠮᠣᠩ᠋ᠭᠤᠯ ᠬᠡᠯᠡᠨ ᠦ ᠳᠤᠷᠠᠰᠬᠠᠯ ᠪᠢᠴᠢᠭ᠌ ᠦᠨ ᠬᠡᠯᠡ ᠶᠢ ᠪᠤᠳᠤᠪᠠᠯ ᠨᠡᠩ ᠡᠷᠲᠡᠨ ᠦ ᠠᠪᠢᠶᠠᠨ ᠤ ᠦᠵᠡᠭᠳᠡᠯ ᠪᠠᠢ᠌ᠭ᠎ᠠ ᠭᠡᠵᠦ ᠳᠠᠭᠠᠮᠠᠭᠯᠠᠵᠠᠢ᠃ ᠵᠤᠬᠢᠶᠠᠭᠴᠢ ᠠᠴᠠ ᠮᠣᠩ᠋ᠭᠤᠯ ᠬᠡᠯᠡᠨ ᠦ n:Ø᠋ ᠤᠨ ᠲᠤᠬᠢᠷᠠᠯᠴᠠᠭ᠎ᠠ ᠪᠦᠬᠦᠢ ᠵᠢᠱᠢᠶ᠎ᠡ ᠨᠦᠬᠦᠳ ᠢ ᠵᠠᠳᠠᠯᠤᠨ ᠰᠢᠨᠵᠢᠯᠡᠭᠰᠡᠨ ᠦ ᠰᠠᠭᠤᠷᠢᠨ ᠳᠡᠭᠡᠷ᠎ᠡ᠂ ᠮᠣᠩ᠋ᠭᠤᠯ ᠬᠡᠯᠡᠨ ᠦ n:Ø᠋ ᠤᠨ ᠲᠤᠬᠢᠷᠠᠯᠴᠠᠭᠠᠨ ᠤ ᠠᠪᠢᠶᠠᠨ ᠵᠦᠢ ᠶᠢᠨ ᠣᠨᠴᠠᠯᠢᠭ ᠰᠢᠨᠵᠢ ᠶᠢ ᠳ᠋ᠦᠩᠨᠡᠯᠲᠡ ᠬᠤᠷᠢᠶᠠᠩ᠋ᠭᠤᠢ᠌ᠯᠠᠵᠠᠢ᠃
原文 没有原文
出自 内蒙古大学学报 1999年 第1期

联系我们


内蒙古大学图书馆
呼和浩特市大学西路235号
中国·内蒙古
P: (0471) 4992561
E: huangfeilong@imu.edu.cn