题名 |
ᠬᠠᠯᠬ ᠠ ᠶᠢᠨ ᠪᠠᠷᠠᠭᠤᠨ ᠭᠠᠷ ᠤᠨ ᠨᠣᠶᠠᠯᠠᠭᠴᠢᠳ ᠤᠨ ᠤᠷᠤᠭ ᠤᠨ ᠬᠠᠷᠢᠴᠠᠭ᠋ ᠠ ᠪᠣᠯᠤᠨ ᠬᠠᠯᠬ ᠠ ᠲᠦᠮᠡᠨ ᠤ ᠪᠦᠷᠢᠯᠳᠦᠯ |
作者 |
ᠬᠦᠢ ᠬᠤᠸᠠ |
关键词 |
ᠬᠠᠯᠬ ᠠ ᠶᠢᠨ ᠪᠠᠷᠠᠭᠤᠨ ᠭᠠᠷ; ᠤᠷᠤᠭ ᠤᠨ ᠬᠠᠷᠢᠴᠠᠭ᠋ ᠠ; ᠬᠠᠯᠬ ᠠ ᠲᠦᠮᠡᠨ ᠤ ᠪᠦᠷᠢᠯᠳᠦᠯ |
摘要 |
ᠲᠠᠶᠣᠨ ᠬᠠᠭᠠᠨ ᠤ ᠣᠳᠬᠠᠨ ᠭᠦᠪᠡᠭᠦᠨᠭᠡᠷᠰᠡᠨᠵᠡ ᠵᠠᠯᠠᠢᠢᠷ ᠬᠤᠩ ᠲᠠᠢᠢᠵᠢ ᠬᠠᠯᠬ ᠠ ᠲᠦᠮᠡᠨ ᠢ ᠨᠣᠶᠠᠯᠠᠭᠰᠠᠨ ᠤ ᠲᠠᠷᠠᠭ᠋ ᠠ ᠦᠷ ᠡ ᠬᠣᠢᠢᠴᠢᠰ ᠨᠢ ᠬᠠᠯᠬ ᠠ ᠲᠦᠮᠡᠨ ᠤ ᠪᠦᠷᠢᠯᠳᠦᠭᠦᠨ ᠪᠣᠯᠤᠭᠰᠠᠨ ᠵᠠᠯᠠᠢᠢᠷ᠂ ᠤᠷᠢᠶᠠᠩᠬᠠᠨ᠂ ᠭᠡᠷᠡᠭᠦᠳ ᠤᠨ ᠢᠵᠠᠭᠤᠷᠲᠠᠠ ᠵᠢᠴᠢ ᠠᠪᠠᠭ᠋ ᠠ᠂ᠠᠪᠠᠭᠨᠠᠷ᠂ ᠬᠣᠷᠴᠢᠨ ᠵᠡᠷᠭᠡ ᠣᠲᠤᠭ ᠲᠦᠮᠡᠨ ᠤ ᠨᠣᠶᠠᠯᠠᠭᠴᠢᠳ ᠲᠠᠢ ᠮᠠᠰᠢ ᠨᠢᠭᠲᠠ ᠤᠷᠤᠭ ᠤᠨ ᠬᠠᠷᠢᠴᠠᠭ᠋ ᠠ ᠪᠠᠢᠢᠭᠤᠯᠵᠠᠢ᠃ ᠲᠤᠰ ᠦᠭᠦᠯᠡᠯ ᠳᠤ ᠭᠡᠷᠰᠡᠨᠵᠡ ᠶᠢᠨ ᠣᠣᠭᠠᠨ ᠬᠦᠪᠡᠭᠦᠨ ᠠᠭᠰᠢᠬᠠᠢ ᠲᠠᠷᠬᠠᠨ ᠬᠤᠩ ᠲᠠᠢᠢᠵᠢ᠂ᠤᠳᠠᠭᠠᠳᠡᠬᠢ ᠬᠦᠪᠡᠭᠦᠨ ᠨᠣᠶᠠᠨᠲᠠᠢ ᠬᠠᠳᠠᠨ ᠪᠠᠭᠠᠲᠤᠷ᠂ ᠵᠢᠷᠭᠤᠳᠤᠭᠠᠷ ᠬᠦᠪᠡᠭᠦᠨ ᠳᠠᠯᠳᠠᠨ ᠬᠦᠨᠳᠦᠯᠡᠨ ᠬᠢᠭᠡᠳ ᠣᠳᠬᠠᠨ ᠬᠦᠪᠡᠭᠦᠨ ᠰᠠᠮᠤ ᠪᠣᠢᠢᠮ ᠠ ᠵᠡᠷᠭᠡ ᠲᠦᠷᠪᠡᠨ ᠬᠦᠪᠡᠭᠦᠳ ᠵᠢᠴᠢ ᠲᠡᠭᠦᠨ ᠤ ᠬᠣᠢᠢᠴᠢᠰ ᠡᠴᠡ ᠪᠦᠷᠢᠯᠳᠦᠭᠰᠡᠨ ᠬᠠᠯᠬ ᠠ ᠶᠢᠨ ᠪᠠᠷᠠᠭᠤᠨ ᠭᠠᠷ ᠤᠨ ᠠᠯᠲᠠᠨ ᠤᠷᠤᠭᠲᠠᠨ ᠤ ᠤᠷᠤᠭ ᠤᠨ ᠬᠠᠷᠢᠴᠠᠭ᠋ ᠠ ᠵᠢ ᠰᠢᠨᠵᠢᠯᠡᠬᠦ ᠪᠡᠷ ᠲᠠᠮᠵᠢᠨ᠂ ᠡᠨᠡᠬᠦ ᠬᠠᠷᠢᠴᠠᠭ᠋ ᠠ ᠨᠢ ᠪᠠᠷᠠᠭᠤᠨ ᠭᠠᠷ ᠤᠨ ᠪᠦᠷᠢᠯᠳᠦᠨ ᠲᠣᠭᠲᠠᠵᠤ᠂ ᠲᠣᠮᠤᠷᠠᠨ ᠬᠦᠴᠦᠵᠢᠬᠦ ᠳᠤ ᠦᠵᠡᠭᠦᠯᠦᠭᠰᠡᠨ ᠴᠢᠬᠤᠯᠠ ᠦᠢᠯᠡᠳᠦᠯ ᠢ ᠲᠣᠳᠤᠯᠠᠬᠤ ᠪᠡᠷ ᠵᠣᠷᠢᠵᠠᠢ᠃ |
原文 |
查看原文
|
出自 |
内蒙古大学学报
2011年
第6期
|