摘要 |
ᠲᠤᠰ ᠦᠭᠦᠯᠡᠯ ᠳᠦ ᠂ ᠮᠣᠩ᠋ᠭᠤᠯ ᠬᠡᠪᠰᠢᠭᠰᠡᠨ ᠦᠭᠡ ᠶᠢᠨ ᠬᠢᠲᠠᠳ ᠣᠷᠴᠢᠭᠤᠯᠭ᠎ᠠ ᠶᠢᠨ ᠠᠰᠠᠭᠤᠳᠠᠯ ᠢ ᠦᠭᠦᠯᠡᠪᠡ᠃ ᠵᠤᠬᠢᠶᠠᠭᠴᠢ ᠠᠴᠠ ᠮᠣᠩ᠋ᠭᠤᠯ ᠬᠡᠪᠰᠢᠭᠰᠡᠨ ᠦᠭᠡ ᠶᠢ ᠣᠨᠣᠪᠴᠢᠲᠠᠢ ᠪᠠᠷ ᠬᠢᠲᠠᠳᠴᠢᠯᠠᠬᠤ᠂ ᠳᠠᠷᠤᠢ ᠤᠤᠯ ᠵᠤᠬᠢᠶᠠᠯ ᠳᠤᠨᠢ 《ᠰᠢᠳᠤᠷᠭᠤ》ᠪᠠᠢ᠌ᠬᠤ ᠳᠤ᠂ ᠡᠷᠬᠡᠪᠰᠢ ᠮᠣᠩ᠋ᠭᠤᠯ ᠬᠡᠪᠰᠢᠭᠰᠡᠨ ᠦᠭᠡ ᠶᠢᠨ ᠲᠤᠭᠲᠠᠪᠤᠷᠢᠵᠢᠭ᠌ᠰᠠᠨ ᠠᠭᠤᠯᠭ᠎ᠠ ᠶᠢ ᠣᠨᠣᠪᠴᠢᠲᠠᠢ ᠣᠢ᠌ᠯᠠᠭᠠᠵᠤ᠂ ᠲᠡᠭᠦᠨ ᠦ ᠪᠤᠢ ᠪᠤᠯᠤᠭᠰᠠᠨ ᠲᠡᠦᠬᠡᠨ ᠡᠬᠢ ᠰᠤᠷᠪᠤᠯᠵᠢ ᠪᠠ ᠳᠤᠰᠬᠠᠭᠰᠠᠨ ᠵᠠᠩ ᠳᠠᠳᠬᠠᠯ ᠤᠨ ᠣᠨᠴᠠᠯᠢᠭ ᠢ ᠰᠢᠨᠵᠢᠯᠡᠨ ᠰᠤᠳᠤᠯᠵᠤ᠂ ᠣᠷᠴᠢᠭᠤᠯᠬᠤ ᠳᠠᠭᠠᠨ ᠬᠡᠯᠡ ᠨᠠᠢ᠌ᠷᠠᠭᠤᠯᠭ᠎ᠠ ᠶᠢ ᠴᠤ ᠠᠩ᠋ᠬᠠᠷᠬᠤ ᠬᠡᠷᠡᠭᠲᠡᠢ ᠭᠡᠵᠦ ᠦᠵᠡᠪᠡ᠃ ᠵᠤᠬᠢᠶᠠᠭᠴᠢ ᠠᠴᠠ ᠪᠠᠰᠠ ᠡᠷᠳᠡᠮ ᠰᠢᠨᠵᠢᠯᠡᠭᠡᠨ ᠦ ᠬᠢᠨ ᠦ ᠮᠦᠨ ᠠᠰᠠᠭᠤᠳᠠᠯ ᠳᠡᠭᠡᠷᠡᠬᠢ ᠮᠠᠷᠭᠤᠭᠠᠨ ᠤ ᠲᠤᠬᠠᠢ ᠦᠪᠡᠷ ᠦᠨ ᠦᠵᠡᠯᠲᠡ ᠪᠡᠨ ᠲᠤᠳᠤᠷᠬᠠᠢ᠌ᠯᠠᠵᠤ᠂ ᠵᠠᠷᠢᠮ ᠤᠯᠠᠮᠵᠢᠯᠠᠯᠲᠤ ᠦᠵᠡᠯᠲᠡ ᠯᠦᠭᠡ ᠠᠳᠠᠯᠢ ᠪᠤᠰᠤ ᠦᠵᠡᠯᠲᠡ ᠪᠡᠨ ᠳᠤᠷᠠᠳᠤᠭᠰᠠᠨ ᠪᠠᠢ᠌ᠨ᠎ᠠ᠃ |