题名 |
ᠬᠠᠭᠤᠷᠮᠠᠭ ᠮᠠᠨᠵᠤ ᠶᠢᠨ ᠦᠶ ᠠ ᠳᠡᠬᠢ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠤᠯᠠᠷᠢᠵᠤ ᠬᠤᠪᠢᠰᠤᠭᠰᠠᠨ ᠲᠤᠬᠠᠢ |
作者 |
ᠠᠯᠳᠠᠨᠲᠠᠯᠠᠢ |
关键词 |
ᠬᠠᠭᠤᠷᠮᠠᠭ ᠮᠠᠨᠵᠤ;ᠵᠡᠭᠦᠨ ᠮᠣᠩᠭᠣᠯ ᠤᠨ ᠬᠤᠰᠢᠭᠤ;ᠪᠠᠢ᠌ᠭᠤᠯᠤᠯ ; ᠤᠯᠠᠷᠢᠯ ᠬᠤᠪᠢᠰᠤᠯ |
摘要 |
ᠳᠤᠰ ᠦᠭᠦᠯᠡᠯ ᠳᠤ ᠨᠠᠢ᠌ᠳᠠᠪᠤᠷᠢᠲᠠᠢ ᠰᠤᠷᠪᠤᠯᠵᠢ ᠪᠢᠴᠢᠭ᠌ ᠤᠳ ᠢ ᠠᠰᠢᠭᠯᠠᠨ᠂ ᠶᠠᠫᠤᠨ ᠦ 《ᠮᠠᠨᠵᠤ ᠮᠣᠩᠭᠣᠯ ᠤᠨ ᠲᠤᠬᠠᠢ ᠪᠤᠳᠤᠯᠭ᠎ᠠ》 ᠪᠠ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠲᠤᠬᠠᠢ ᠲᠦᠰᠦᠪ ᠲᠦᠯᠦᠪᠯᠡᠭᠡ ᠨᠤᠭᠦᠳ ᠪᠤᠯᠤᠨ ᠬᠠᠭᠤᠷᠮᠠᠭ ᠮᠠᠨᠵᠤ ᠶᠢᠨ ᠵᠠᠰᠠᠭ ᠤᠨ ᠭᠠᠵᠠᠷ ᠪᠠᠢ᠌ᠭᠤᠯᠤᠭᠳᠠᠭᠰᠠᠨ ᠦ ᠳᠠᠷᠠᠭ᠎ᠠ ᠵᠡᠭᠦᠨ ᠮᠣᠩᠭᠣᠯ ᠤᠨ ᠵᠠᠰᠠᠭ ᠵᠠᠭᠢᠷᠠᠭᠠᠨ ᠦ ᠪᠠᠢ᠌ᠭᠤᠯᠤᠮᠵᠢ ᠶᠢ ᠳᠠᠬᠢᠵᠦ ᠲᠤᠬᠢᠷᠠᠭᠤᠯᠤᠭᠰᠠᠨ᠂ ᠬᠤᠰᠢᠭᠤ ᠴᠢᠭᠤᠯᠭᠠᠨ ᠦ ᠪᠠᠢ᠌ᠭᠤᠯᠤᠯ ᠢ ᠦᠭᠡᠷᠡᠴᠢᠯᠡᠭᠰᠡᠨ ᠂ ᠸᠠᠩ ᠭᠦᠩ ᠤᠨ ᠪᠠᠢ᠌ᠭᠤᠯᠤᠯ ᠢ ᠦᠬᠡᠢ᠌ᠰᠭᠡᠭ᠍ᠰᠡᠨ᠂ ᠬᠤᠰᠭᠤ ᠰᠢᠶᠠᠨ ᠵᠡᠷᠭᠡᠪᠡᠷ ᠤᠷᠤᠰᠢᠭᠰᠠᠨ ᠪᠠᠢ᠌ᠭᠤᠯᠤᠯ ᠦᠭᠡᠷᠡᠴᠢᠯᠡᠭᠰᠡᠨ ᠵᠡᠷᠭᠡ ᠬᠡᠳᠦᠨ ᠲᠠᠯ ᠠ ᠡᠴᠡ ᠵᠡᠭᠦᠨ ᠮᠣᠩᠭᠣᠯ ᠤᠨ ᠬᠤᠰᠢᠭᠤ ᠴᠢᠭᠤᠯᠭᠠᠨ ᠦ ᠪᠠᠢ᠌ᠭᠤᠯᠤᠯ ᠤᠨ ᠬᠤᠪᠢᠷᠠᠯᠳᠠ ᠶᠢᠨ ᠶᠠᠪᠤᠴᠠ ᠶᠢ ᠰᠢᠰᠲ᠋ᠸᠮ ᠲᠠᠢ ᠰᠤᠳᠤᠯᠵᠤ᠂ ᠳᠡᠦᠬᠡ ᠶᠢᠨ ᠤᠭ ᠲᠦᠷᠰᠦ ᠪᠠᠢ᠌ᠳᠠᠯ ᠢ ᠦᠨᠡᠨ ᠵᠦᠪ ᠶᠢᠨᠷ ᠲᠤᠰᠬᠠᠬᠤ ᠪᠡᠷ ᠵᠤᠷᠢᠵᠠᠢ᠃ |
原文 |
查看原文
|
出自 |
内蒙古大学学报
2001年
第1期
|