摘要 |
ᠲᠤᠰ ᠦᠭᠦᠯᠡᠯ ᠳᠦ ᠂ ᠮᠣᠩ᠋ᠭᠤᠯ ᠬᠡᠯᠡᠨ ᠦ ᠬᠡᠳᠦ ᠪᠤᠭᠤᠨᠢ ᠡᠭᠡᠰᠢᠭ᠌ ᠦᠨ ᠲᠤᠬᠠᠢ ᠦᠩᠭᠡᠷᠡᠭᠰᠡᠨ ᠦ ᠰᠤᠳᠤᠯᠭᠠᠨ ᠳᠤ ᠰᠠᠭᠤᠷᠢᠯᠠᠵᠤ ᠰᠢᠨᠵᠢᠯᠡᠭᠡ ᠬᠢᠭ᠍ᠰᠡᠨ ᠶᠤᠮ᠃ ᠬᠡᠳᠦ ᠪᠤᠭᠤᠨᠢ ᠡᠭᠡᠰᠢᠭ᠌ ᠦᠨ ᠢᠯᠡᠷᠡᠬᠦ ᠠᠪᠢᠶᠠᠨ ᠤ ᠨᠦᠬᠦᠴᠡᠯ᠂ ᠰᠢᠨᠵᠢ ᠴᠢᠨᠠᠷ ᠵᠡᠷᠭᠡ ᠶᠢ ᠲᠤᠳᠤᠷᠬᠠᠢ᠌ᠯᠠᠬᠤ ᠶᠢᠨ ᠲᠦᠯᠦᠭᠡ᠂ ᠪᠠᠢ᠌ᠴᠠᠭᠠᠯᠲᠠ ᠶᠢᠨ ᠮᠠᠲ᠋ᠧᠷᠢᠶᠠᠯ ᠲᠤᠭᠤᠷᠪᠢᠵᠤ᠂ ᠳᠦᠷᠪᠡᠨ ᠠᠪᠢᠶᠠᠯᠠᠭᠴᠢ ᠪᠠᠷ ᠤᠩᠰᠢᠭᠤᠯᠤᠨ ᠵᠠᠳᠠᠯᠤᠯᠲᠠ ᠬᠢᠵᠡᠢ᠃ ᠮᠣᠩ᠋ᠭᠤᠯ ᠬᠡᠯᠡᠨ ᠦ ᠬᠡᠳᠦ ᠪᠤᠭᠤᠨᠢ ᠡᠭᠡᠰᠢᠭ᠌ ᠦᠨ ᠳᠠᠩ ᠦᠭᠡ ᠶᠢᠨ ᠡᠴᠦᠰ ᠲᠦ ᠬᠤᠯᠪᠤᠭ᠎ᠠ ᠦᠭᠡ ᠶᠢᠨ ᠡᠴᠦᠰ ᠲᠦ᠂ ᠬᠤᠯᠪᠤᠭ᠎ᠠ ᠦᠭᠡ ᠶᠢᠨ ᠳᠤᠮᠳᠠ ᠪᠠ ᠦᠭᠡ ᠶᠢᠨ ᠳᠤᠮᠳᠠ ᠦᠶ᠎ᠡ ᠶᠢᠨ ᠡᠴᠦᠰ ᠲᠦ ᠢᠯᠡᠷᠡᠬᠦ ᠪᠠᠢ᠌ᠳᠠᠯ ᠢ ᠲᠤᠰ ᠲᠤᠰ ᠵᠠᠳᠠᠯᠵᠤ ᠰᠢᠨᠵᠢᠯᠡᠭᠡᠳ᠂ ᠢᠯᠡᠷᠡᠬᠦ ᠠᠪᠢᠶᠠᠨ ᠤ ᠨᠦᠬᠦᠴᠡᠯ᠂ ᠳᠠᠭᠤᠨ ᠤ ᠦᠩᠭᠡ ᠶᠢᠨ ᠰᠢᠨᠵᠢ ᠴᠢᠨᠠᠷ ᠤᠨ ᠲᠤᠬᠠᠢ ᠣᠯᠤᠭᠰᠠᠨ ᠦᠷ᠎ᠡ ᠳ᠋ᠦᠩ ᠢ ᠲᠤᠰᠢᠶᠠᠵᠤ᠂ ᠳᠠᠷᠠᠭᠠᠴᠢ ᠶᠢᠨ ᠰᠤᠳᠤᠯᠭᠠᠨ ᠢ ᠲᠠᠨᠢᠯᠴᠠᠭᠤᠯᠪᠠ᠃ |