摘要 |
《ᠨᠠᠶᠮᠠᠨ ᠬᠤᠰᠢᠭᠤᠨ ᠤ ᠨᠡᠪᠲᠡᠷᠬᠡᠢ ᠣᠢᠯᠠᠯᠭ᠎ᠠ ᠶᠢᠨ ᠠᠩᠬ᠎ᠠ ᠪᠦᠯᠦᠭ》᠂ 《ᠨᠠᠶᠮᠠᠨ ᠬᠤᠰᠢᠭᠤᠨ ᠤ ᠮᠠᠨᠵᠤ ᠶᠢᠨ ᠣᠪᠤᠭ ᠠᠢᠮᠠᠭ ᠤᠨ ᠨᠡᠪᠲᠡᠷᠬᠡᠢ ᠴᠡᠳᠢᠭ》 ᠵᠡᠷᠭᠡ ᠴᠢᠩ ᠤᠯᠤᠰ ᠤᠨ ᠠᠯᠪᠠᠨ ᠠᠴᠠ ᠲᠤᠭᠤᠷᠪᠢᠭᠰᠠᠨ ᠰᠤᠷᠪᠤᠯᠵᠢᠰ ᠲᠤ ᠲᠡᠮᠳᠡᠭᠯᠡᠭᠰᠡᠨ ᠭᠠᠷᠮ᠎ᠠ ᠢᠯᠡᠳᠡᠩ ᠵᠡᠷᠭᠡ ᠠᠷᠤ ᠮᠣᠩᠭᠤᠯ ᠤᠨ ᠢᠰᠦᠳ ᠠᠢᠮᠠᠭ ᠤᠨ ᠨᠤᠶᠠᠳ ᠤᠨ ᠨᠠᠮᠳᠠᠷ ᠪᠠ ᠦᠶ᠎ᠡ ᠵᠠᠯᠭᠠᠮᠵᠢ ᠶᠢ 《ᠳᠠᠢᠴᠢᠩ ᠤᠯᠤᠰ ᠤᠨ ᠮᠠᠭᠠᠳ ᠬᠠᠤᠯᠢ》᠂ ᠯᠤᠮᠢ ᠶᠢᠨ 《ᠮᠣᠩᠭᠤᠯ ᠤᠨ ᠪᠤᠷᠵᠢᠬᠢᠳ ᠣᠪᠤᠭ ᠤᠨ ᠲᠡᠦᠬᠡ》 ᠵᠢᠴᠢ ᠬᠠᠮᠢᠶ᠎ᠠ ᠪᠦᠬᠦᠢ ᠳᠠᠩᠰᠠ ᠡᠪᠬᠡᠮᠡᠯ ᠲᠡᠢ ᠬᠠᠷᠠᠭᠤᠭᠤᠯᠤᠨ ᠰᠢᠨᠵᠢᠪᠡᠯ ᠢᠰᠦᠳ ᠠᠢᠮᠠᠭ ᠪᠤᠯ ᠬᠠᠴᠢᠭᠤᠨ ᠤ ᠬᠤᠢᠴᠢᠰ ᠤᠨ ᠬᠠᠷᠢᠶᠠᠲᠤ ᠠᠢᠮᠠᠭ ᠪᠢᠰᠢ ᠬᠠᠷᠢᠨ ᠪᠡᠯᠭᠦᠳᠡᠢ ᠶᠢᠨ ᠬᠤᠢᠴᠢᠰ ᠤᠨ ᠬᠠᠷᠢᠶᠠᠲᠤ ᠠᠢᠮᠠᠭ ᠪᠤᠯᠤᠨ᠎ᠠ᠃ |