题名 |
HPLC᠋ ᠶᠢᠨ ᠠᠷᠭ᠎ᠠ ᠪᠠᠷ ᠮᠣᠩᠭᠤᠯ ᠡᠮ ᠦᠨ ᠮᠠᠲ᠋ᠧᠷᠢᠶᠠᠯ ᠦᠬᠡᠷ ᠠᠷᠴᠠ ᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠶᠢ ᠬᠡᠮᠵᠢᠭᠰᠡᠨ ᠨᠢ |
作者 |
ᠸᠠᠩ ᠰᠢᠦ ᠮᠧᠢ; ᠮᠧᠩ ᠬᠸᠠᠰᠢᠶᠤᠤ |
关键词 |
HPLC᠋ ᠶᠢᠨ ᠠᠷᠭ᠎ᠠ; ᠭᠠᠷᠰᠤᠨ ᠬᠠᠯᠢᠰᠤᠨ ᠡᠳ᠋; ᠦᠬᠡᠷ ᠠᠷᠴ; ᠠᠭᠤᠯᠤᠭᠳᠠᠴᠠ ᠶᠢᠨ ᠬᠡᠮᠵᠢᠯᠲᠡ |
摘要 |
ᠦᠨᠳᠦᠷ ᠠᠰᠢᠭᠯᠠᠮᠵᠢᠲᠤ ᠰᠢᠩᠭᠡᠨ ᠲᠦᠯᠦᠪᠲᠦ ᠦᠩᠭᠡ ᠶᠢᠨ ᠵᠢᠭ᠌ᠰᠠᠯ (HPLC)᠋ ᠤᠨ ᠠᠷᠭ᠎ᠠ ᠪᠠᠷ ᠮᠣᠩ᠋ᠭᠤᠯ ᠡᠮ ᠦᠨ ᠮᠠᠲ᠋ᠧᠷᠢᠶᠯ ᠦᠬᠡᠷ ᠠᠷᠴᠠ ᠳᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠶᠢ ᠬᠡᠮᠵᠢᠨ᠎ᠡ᠃ ᠠᠷᠭ᠎ᠠ᠄ VP-DOSC18(200mm×4.6mm᠂ 5μm) ᠦᠩᠭᠡ ᠶᠢᠨ ᠵᠢᠭ᠌ᠰᠠᠯ ᠤᠨ ᠪᠠᠭᠠᠨ᠎ᠠ ᠶᠢ ᠬᠡᠷᠡᠭᠯᠡᠨ᠂ ᠡᠲ᠋ᠢᠯ ᠨᠢᠲ᠋ᠷᠢᠯ -0.1%᠋ ᠶᠢᠨ ᠹᠤᠰᠹᠤᠷ ᠬᠦᠴᠢᠯ ᠦᠨ ᠠᠭᠤᠰᠤᠮᠠᠯ (35᠄ 65᠋ ᠢᠶᠡᠷ ᠰᠢᠩᠭᠡᠨ ᠹᠠᠰᠲᠤ ᠠᠭᠤᠰᠬᠠᠭᠴᠢ ᠪᠤᠯᠭᠠᠵᠤ᠂ 360nm ᠋ ᠤᠨ ᠲᠤᠯᠭᠢᠶᠠᠨ ᠤ ᠤᠷᠲᠤ ᠶᠢᠨ ᠪᠠᠢ᠌ᠷᠢ ᠳᠤ ᠬᠡᠮᠵᠢᠯᠲᠡ ᠬᠢᠪᠡ᠃ ᠦᠷ᠎ᠡ ᠳ᠋ᠦᠩ᠄ ᠭᠠᠷᠰᠤᠨ ᠬᠠᠯᠢᠰᠤᠨ ᠡᠳ᠋ ᠢ ᠣᠷᠤᠭᠤᠯᠬᠤ ᠬᠡᠮᠵᠢᠶ᠎ᠡ ᠨᠢ 0.0375~0.0375μg ᠦᠶ᠎ᠡ ᠳᠦ ᠂ ᠣᠷᠭᠢᠯ ᠤᠨ ᠲᠠᠯᠠᠪᠠᠢ ᠲᠠᠢ ᠪᠠᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ (γ=0.9999) ᠪᠠᠢ᠌ᠵᠤ᠂ ᠦᠬᠡᠷ ᠠᠷᠴᠠ ᠳᠤ ᠬᠢ ᠭᠠᠷᠰᠤᠨ ᠬᠠᠯᠢᠰᠤᠨ ᠡᠳ᠋ ᠦᠨ ᠳᠤᠮᠳᠠᠴᠢ ᠠᠭᠤᠯᠤᠭᠳᠠᠴᠠ ᠨᠢ 1.421m/g; ᠦᠯᠢᠭᠡᠷ ᠨᠡᠮᠵᠦ ᠪᠤᠴᠠᠭᠠᠨ ᠠᠪᠬᠤ ᠲᠤᠷᠰᠢᠯᠲᠠ ᠳᠤ ᠣᠯᠤᠭᠰᠠᠨ ᠳᠤᠮᠳᠠᠴᠢ ᠪᠤᠴᠠᠭᠠᠮᠵᠢ ᠨᠢ 99.67% RSD%=1.52(n=5)᠃ ᠳ᠋ᠦᠩᠨᠡᠯᠲᠡ᠄ ᠲᠤᠰ ᠠᠷᠭ᠎ᠠ ᠨᠢ ᠬᠡᠷᠡᠭᠯᠡᠬᠦ ᠳᠦ ᠳᠦᠭᠦᠮ ᠪᠦᠭᠡᠳ ᠣᠨᠣᠪᠴᠢᠲᠠᠢ᠂ ᠲᠤᠭᠲᠠᠪᠤᠷᠢᠲᠤ ᠴᠢᠨᠠᠷ ᠢᠶᠠᠷ ᠰᠠᠢ᠌ᠨ ᠲᠤᠯᠠ ᠮᠣᠩ᠋ᠭᠤ ᠡᠮ ᠦᠨ ᠮᠠᠲ᠋ᠧᠷᠢᠶᠠᠯ ᠦᠬᠡᠷ ᠠᠷᠴᠠ ᠤ ᠬᠢ ᠭᠠᠷᠰᠤᠨ ᠬᠠᠯᠢᠰᠤᠨ ᠡᠳ᠋ ᠦᠨ ᠠᠭᠤᠯᠤᠭᠳᠠᠴᠠ ᠶᠢ ᠬᠡᠮᠵᠢᠬᠦ ᠳᠦ ᠬᠡᠷᠡᠭᠯᠡᠵᠦ ᠪᠤᠯᠤᠨ᠎ᠠ᠃ |
原文 |
查看原文
|
出自 |
内蒙古民族大学学报(蒙医药学)
2012年
第2期
|