论文信息


题名 ᠴᠢᠩ ᠤᠯᠤᠰ ᠤᠨ ᠰᠡᠭᠦᠯᠴᠢ ᠶᠢᠨ ᠦᠶ᠎ᠡ ᠳᠤ ᠪᠡᠬᠡᠵᠢᠩ ᠳ᠋ᠡᠬᠢ ᠮᠤᠩᠭᠤᠯ ᠸᠠᠩ ᠬᠦᠩ ᠤᠨ ᠪᠦᠬᠦᠳᠡ ᠨᠠᠢᠷᠠᠮᠳᠠᠬᠤ ᠵᠢ ᠡᠰᠡᠷᠬᠦᠴᠡᠨ ᠡᠵᠡᠨᠳᠤ ᠵᠠᠰᠠᠭ ᠢ ᠬᠠᠮᠠᠭᠠᠯᠠᠬᠤ ᠠᠵᠢᠯᠯᠠᠭ᠎ᠠ ᠶᠢᠨ ᠲᠤᠬᠠᠢ ᠨᠠᠷᠢᠪᠴᠢᠯᠡᠯ
作者 ᠪᠤᠤ ᠳ᠋ᠸ ᠴᠢᠶᠨᠩ
关键词 ᠮᠤᠩᠭᠤᠯ ᠸᠨᠩ ᠬᠦᠩ ᠤᠨ ᠬᠤᠯᠪᠤᠭᠠᠳᠤ ᠬᠤᠷᠠᠯ; ᠪᠦᠬᠦᠳᠡ ᠨᠠᠢᠷᠠᠮᠳᠠᠬᠤ ᠵᠢ ᠡᠰᠡᠷᠬᠦᠴᠡᠬᠦ; ᠡᠵᠡᠨᠳᠤ ᠵᠠᠰᠠᠭ ᠢ ᠬᠠᠮᠠᠭᠠᠯᠠᠬᠤ
摘要 ᠪᠡᠭᠡᠵᠢᠩ ᠳ᠋ᠡᠬᠢ ᠮᠤᠩᠭᠤᠯ ᠸᠠᠩ ᠬᠦᠩ ᠤᠨ ᠲᠤᠰᠠᠭᠠᠷᠯᠠᠬᠤ ᠵᠤᠷᠢᠯᠳᠡ ᠨᠢ ᠬᠦᠷᠢᠶᠡᠨ ᠤ ᠸᠠᠩ ᠬᠦᠩ ᠤᠨ ᠲᠤᠰᠠᠭᠠᠷᠯᠠᠬᠤ ᠠᠵᠢᠯᠯᠠᠭ᠎ᠠ ᠲᠠᠢ ᠵᠢᠭᠠᠬᠠᠨ ᠢᠯᠭᠠᠭ᠎ᠠ ᠲᠠᠢ ᠪᠠᠢᠵᠡᠢ᠃ ᠬᠦᠷᠢᠶᠡᠨ ᠤ ᠸᠠᠩ ᠬᠦᠩ ᠴᠢᠩ ᠤᠯᠤᠰ ᠤᠨ ᠬᠢᠮᠦᠷᠠᠯ ᠢ ᠲᠠᠯᠢᠮᠳᠠᠭᠤᠯᠬᠤ ᠰᠢᠭᠤᠳ ᠴᠢᠩ ᠤᠯᠤᠰ ᠤᠨ ᠨᠤᠶᠠᠷᠬᠠᠯ ᠡᠴᠨ ᠰᠠᠯᠤᠨ ᠲᠤᠰᠠᠭᠠᠷᠯᠠᠭᠰᠠᠨ ᠪᠤᠯ ᠪᠡᠭᠡᠵᠢᠩ ᠳ᠋ᠡᠬᠢ ᠮᠤᠩᠭᠤᠯ ᠸᠠᠩ ᠬᠦᠩ ᠨᠢ ᠬᠠᠷᠢᠨ ᠴᠢᠩ ᠤᠯᠤᠰ ᠤᠨ ᠡᠵᠡᠨᠳᠤ ᠪᠠᠢᠭᠤᠯᠤᠯ ᠢ ᠬᠦᠴᠦᠯᠡᠨ ᠬᠠᠮᠠᠭᠠᠯᠠᠵᠦ᠂ ᠲᠡᠷᠡ ᠬᠦ ᠵᠤᠷᠢᠯᠭ᠎ᠠ ᠳ᠋ᠠᠭᠠᠨ ᠬᠦᠷᠴᠦ ᠴᠢᠳᠠᠬᠤ ᠦᠬᠡᠢ ᠪᠤᠯᠬᠤ ᠳᠤ ᠰᠠᠶᠢ ᠲᠤᠰᠠᠭᠠᠷᠯᠠᠬᠤ ᠵᠤᠷᠢᠯᠳᠡ ᠵᠢ ᠪᠠᠷᠢᠮᠳᠠᠯᠠᠭᠰᠠᠨ ᠪᠠᠢᠵᠡᠢ᠃ ᠦᠬᠦᠯᠡᠯ ᠳᠤ᠂ ᠤᠷᠢᠳᠤ ᠶᠢᠨ ᠬᠦᠮᠦᠰ ᠤᠨ ᠰᠤᠳᠤᠯᠭᠠᠨ ᠤ ᠰᠠᠭᠤᠷᠢᠨ ᠲᠡᠭᠡᠷ᠎ᠡ ᠲᠢᠶᠠᠨᠵᠢᠨ ᠤ 《 ᠳ᠋ᠠ ᠬᠦᠩ ᠪᠤᠤ》 ᠰᠤᠨᠢᠨ ᠪᠡ ᠪᠤᠰᠤᠳ ᠬᠠᠮᠢᠶ᠎ᠠ ᠪᠦᠬᠦᠢ ᠮᠠᠲ᠋ᠸᠷᠢᠶᠠᠯ ᠳᠤ ᠲᠤᠯᠭᠠᠭᠤᠷᠢᠯᠠᠨ᠂ ᠮᠤᠩᠭᠤᠯ ᠸᠠᠩ ᠬᠦᠩ ᠤᠨ ᠬᠤᠯᠪᠤᠭᠠᠳᠤ ᠬᠤᠷᠠᠯ ᠪᠠᠢᠭᠤᠯᠤᠭᠳᠠᠭᠰᠠᠨ ᠡᠴᠨ ᠴᠢᠩ ᠤᠯᠤᠰ ᠤᠨ ᠬᠠᠭᠠᠨ ᠰᠠᠭᠤᠷᠢᠨ ᠡᠴᠨ ᠪᠠᠨ ᠪᠠᠭᠤᠬᠤ ᠬᠦᠷᠳᠡᠯᠡᠬᠢ ᠬᠤᠭᠤᠴᠠᠭᠠᠨ ᠳ᠋ᠡᠬᠢ ᠪᠡᠭᠡᠵᠢᠩ ᠳᠤ ᠰᠠᠭᠤᠭ᠎ᠠ ᠮᠤᠩᠭᠤᠯ ᠸᠠᠩ ᠨᠠᠷ ᠤᠨ ᠪᠦᠬᠦᠳᠡ ᠨᠠᠢᠷᠠᠮᠳᠠᠬᠤ ᠵᠢ ᠡᠰᠡᠷᠬᠦᠴᠡᠨ ᠡᠵᠨᠨᠳᠤ ᠵᠠᠰᠠᠭ ᠢ ᠬᠠᠮᠭᠠᠯᠠᠬᠤ ᠠᠵᠢᠯᠯᠠᠭ᠎ᠠ ᠶᠢᠨ ᠲᠤᠬᠠᠢ ᠨᠠᠷᠢᠨ ᠵᠤᠢᠯᠠᠰ ᠢ ᠲᠤᠳᠤᠷᠠᠭᠤᠯᠤᠨ ᠦᠬᠦᠯᠡᠬᠦ ᠵᠢ ᠵᠤᠷᠢᠪᠡ᠃
原文 查看原文
出自 中国蒙古学 2014年 第6期

联系我们


内蒙古大学图书馆
呼和浩特市大学西路235号
中国·内蒙古
P: (0471) 4992561
E: huangfeilong@imu.edu.cn