摘要 |
ᠮᠣᠩᠭ᠋ᠤᠯ 《ᠭᠠᠨᠵᠤᠤᠷ》᠂ 《ᠳ᠋ᠠᠨᠵᠤᠤᠷ》 ᠲᠤ ᠡᠷᠲᠡᠨ ᠦ ᠡᠨᠡᠳᠬᠡᠭ᠌ ᠦᠨ ᠸᠢᠤᠨ ᠱᠠᠰᠲᠢᠷ ᠠᠴᠠ ᠰᠤᠷᠪᠤᠯᠵᠢᠲᠠᠢ 《ᠵᠠᠭᠤᠨ ᠪᠢᠯᠢᠭᠲᠦ》᠂ 《ᠪᠢᠯᠢᠭ᠌ ᠦᠨ ᠭᠤᠤᠯ ᠮᠤᠳᠤᠨ》᠂ 《ᠠᠷᠠᠳ ᠢ ᠲᠡᠵᠢᠭᠡᠬᠦ ᠲᠤᠰᠤᠯ》 ᠵᠡᠷᠭᠡ ᠬᠤᠤᠰ ᠶᠤᠰᠤᠨ ᠤ ᠨᠠᠢᠮᠠᠨ ᠰᠤᠷᠭᠠᠯ ᠰᠢᠯᠦᠭ ᠪᠡ 《ᠵᠤᠷᠢᠭᠤᠲᠠ ᠦᠭᠦᠯᠡᠬᠦ ᠶᠢᠨ ᠴᠤᠮᠤᠷᠯᠢᠭ》᠂ 《ᠨᠤᠮ ᠤᠨ ᠪᠠᠳᠠᠭ》 ᠭᠡᠬᠦ ᠭᠦᠨ ᠤᠬᠠᠭᠠᠨ ᠤ ᠬᠤᠶᠠᠷ ᠰᠤᠷᠭᠠᠯ ᠰᠢᠯᠦᠭ ᠪᠤᠢ᠃ ᠲᠤᠰ ᠦᠭᠦᠯᠡᠯ ᠳᠦ ᠪᠤᠷᠬᠠᠨ ᠤ ᠰᠤᠳᠤᠷ ᠲᠠᠬᠢ ᠳᠡᠭᠡᠷᠡᠬᠢ ᠬᠤᠤᠰ ᠶᠤᠰᠤᠨ ᠤ ᠰᠤᠷᠭᠠᠯᠢ ᠰᠢᠯᠦᠭ ᠬᠢᠭᠡᠳ ᠭᠦᠨ ᠤᠬᠠᠭᠠᠨ ᠤ ᠰᠤᠷᠭᠠᠯ ᠰᠢᠯᠦᠭ ᠦᠨ ᠦᠵᠡᠯ ᠰᠠᠨᠠᠭ᠎ᠠ᠂ ᠤᠷᠠᠯᠢᠭ ᠤᠨ ᠣᠨᠴᠠᠯᠢᠭ ᠬᠢᠭᠡᠳ ᠮᠣᠩᠭ᠋ᠤᠯ ᠤᠷᠠᠨ ᠵᠤᠬᠢᠶᠠᠯ ᠢᠯᠠᠩ᠋ᠭ᠋ᠤᠶᠠ ᠰᠤᠷᠭᠠᠯ ᠰᠢᠯᠦᠭ ᠦᠨ ᠬᠦᠭ᠍ᠵᠢᠯ ᠪᠦᠷᠢᠯᠳᠦᠯ᠂ ᠤᠳᠬ᠎ᠠ ᠠᠭᠤᠯᠭ᠎ᠠ᠂ ᠬᠡᠯᠪᠡᠷᠢ ᠮᠠᠶ᠍ᠢᠭ ᠵᠡᠷᠭᠡ ᠲᠠᠯ᠎ᠠ ᠳᠤ ᠦᠵᠡᠭᠦᠯᠦᠭᠰᠡᠨ ᠨᠦᠯᠦᠭᠡᠨ ᠦ ᠲᠤᠬᠠᠢ ᠲᠤᠪᠴᠢ ᠰᠢᠨᠵᠢᠯᠡᠭᠡ ᠬᠢᠵᠡᠢ᠃ |