摘要 |
ᠮᠣᠩᠭᠤᠯᠴᠤᠳ ᠤᠨ ᠦᠨᠢᠷ ᠪᠠᠶᠠᠯᠢᠭ ᠠᠮᠠᠨ ᠢᠷᠠᠭᠤ ᠨᠠᠢᠷᠠᠭ ᠤᠨ ᠲᠤᠳᠤᠷ ᠠ ᠬᠤᠷᠢᠮ ᠤᠨ ᠬᠡᠯᠡᠮᠦᠷ ᠭᠡᠬᠦ ᠦᠪᠡᠷᠮᠢᠴᠡ ᠣᠨᠴᠠᠯᠢᠭ ᠲᠠᠢ ᠨᠢᠭᠡᠨ ᠲᠦᠷᠦᠯ ᠵᠦᠢᠯ ᠦᠨᠢ ᠡᠷᠲᠡᠨ ᠤ ᠤᠯᠠᠮᠵᠢᠯᠠᠯ ᠲᠠᠢ ᠪᠡᠷ ᠦᠨᠦᠳᠦᠷ ᠪᠤᠯᠲᠠᠯ ᠠ ᠤᠯᠠᠮᠵᠢᠯᠠᠭᠳᠠᠵᠤ ᠪᠠᠢᠨ᠎ᠠ᠃ ᠬᠤᠷᠢᠮ ᠤᠨ ᠬᠡᠯᠡᠮᠤᠷ ᠨᠢ ᠬᠤᠯᠪᠤᠨ ᠰᠢᠯᠦᠭᠯᠡᠬᠦ ᠵᠢᠷᠤᠮ ᠢᠢᠡᠷ ᠢᠷᠠᠭᠤ ᠰᠠᠢᠬᠠᠨ ᠬᠡᠯᠡᠯᠭᠡ ᠵᠢ ᠠᠢᠵᠠᠮ ᠴᠣᠬᠢᠯᠭ᠎ᠠ ᠲᠠᠢ ᠵᠤᠬᠢᠶᠠᠮᠵᠢᠯᠠᠬᠤ ᠲᠠᠯ ᠠ ᠪᠡᠷ ᠮᠣᠩᠭᠤᠯ ᠢᠷᠠᠭᠤ ᠨᠠᠢᠷᠠᠭ ᠤᠨ ᠨᠡᠲᠡᠯᠢᠭ ᠣᠨᠴᠠᠯᠢᠭ ᠢ ᠬᠠᠳᠠᠯᠠᠯᠭᠰᠠᠨ ᠡᠴᠡ ᠭᠠᠳᠠᠨ᠎ᠠ᠂ ᠮᠣᠩᠭᠤᠯ ᠬᠤᠷᠢᠮ ᠤᠨ ᠡᠬᠢᠨ ᠡᠴᠡ ᠲᠠᠭᠤᠰᠲᠠᠯ ᠠ ᠪᠦᠬᠦ ᠦᠢᠯᠡ ᠶᠠᠪᠤᠳᠠᠯ ᠲᠠᠢ ᠨᠢᠭᠲᠠ ᠤᠶᠤᠯᠳᠤᠵᠤ᠂ ᠮᠣᠩᠭᠤᠯ ᠤᠷᠤᠭ ᠬᠤᠷᠢᠮ ᠤᠨ ᠪᠦᠬᠦᠢᠯᠡ ᠦᠢᠯᠡ ᠶᠣᠰᠤᠯᠠᠯ ᠤᠨ ᠠᠯᠬᠤᠮ ᠲᠠᠷᠠᠭᠠᠯᠠᠯ ᠢᠢᠡᠷ ᠬᠤᠷᠢᠮ ᠤᠨ ᠶᠤᠰᠤ ᠵᠠᠨᠰᠢᠯ ᠢ ᠨᠠᠷᠢᠯᠢᠭ ᠲᠤᠰᠬᠠᠬᠰᠠᠨ ᠢᠢᠡᠷ ᠢᠢᠡᠨ ᠦᠪᠡᠷᠮᠢᠴᠡ ᠣᠨᠴᠠᠯᠢᠭ ᠢᠢᠡᠨ ᠪᠦᠷᠢᠯᠳᠦᠭᠦᠯᠦᠭᠰᠡᠨ ᠶᠣᠮ᠃ |