题名 |
ᠠᠯᠠᠱᠠ ᠭᠦᠩ ᠮᠢᠭᠸᠠᠴᠢᠷ ᠤᠨ 《ᠠᠶᠠᠯᠠᠯ ᠤᠨ ᠲᠡᠮᠳᠡᠭᠯᠡᠯ》 ᠦᠨ ᠦᠪᠡᠷᠮᠢᠴᠡ ᠣᠨᠴᠠᠯᠢᠭ ᠢ ᠠᠵᠢᠭᠯᠠᠬᠤ ᠨᠢ |
作者 |
ᠮᠠ · ᠦᠷᠨᠢᠨ᠋ᠤᠯᠠᠭᠠᠨ |
关键词 |
ᠮᠢᠭᠸᠠᠴᠢᠷ; 《ᠠᠶᠠᠯᠠᠯ ᠤᠨ ᠲᠡᠮᠳᠡᠭᠯᠡᠯ》; ᠠᠯᠠᠱᠠ ᠭᠦᠩ |
摘要 |
ᠠᠯᠠᠱᠠ ᠭᠦᠩ ᠮᠢᠭᠸᠠᠴᠢᠷ ᠤᠨ 《ᠠᠶᠠᠯᠠᠯ ᠤᠨ ᠲᠡᠮᠳᠡᠭᠯᠡᠯ》 ᠦᠨ ᠬᠠᠮᠤᠭ ᠤᠨ ᠳᠤᠪᠤᠢᠮ᠎ᠠ ᠦᠪᠡᠷᠮᠢᠴᠡ ᠣᠨᠴᠠᠯᠢᠭ ᠪᠤᠯ ᠬᠡᠳᠦᠨ ᠲᠦᠮᠡᠨ ᠭᠠᠵᠠᠷ ᠤᠨ ᠤᠷᠲᠤ ᠠᠶᠠᠯᠠᠯ ᠳᠤᠮᠳᠠ ᠨᠢᠳᠦ ᠪᠡᠷ ᠦᠵᠡᠵᠦ ᠪᠡᠶ᠎ᠡ ᠪᠡᠷ ᠦᠩᠭᠡᠷᠡᠭᠦᠯᠦᠭᠰᠡᠨ ᠢᠶᠡᠨ ᠦᠨᠡᠨ ᠮᠦᠨ ᠢᠶᠡᠷ ᠲᠡᠮᠳᠡᠭᠯᠡᠵᠦ ᠬᠤᠢᠰᠢᠲᠠ ᠶᠢᠨ ᠬᠦᠮᠦᠨ ᠳᠦ ᠦᠨᠡᠨ ᠪᠤᠳᠠᠲᠠᠢ ᠶᠢ ᠳᠡᠯᠭᠡᠨ ᠦᠵᠡᠭᠦᠯᠵᠦ ᠴᠢᠳᠠᠭᠰᠠᠨ ᠳᠤ ᠣᠷᠤᠰᠢᠨ᠎ᠠ᠃ ᠡᠨᠡ ᠬᠦ ᠦᠨᠡᠨ ᠪᠤᠳᠠᠲᠠᠢ ᠳᠤ ᠪᠠᠢᠭᠠᠯᠢ ᠶᠢᠨ ᠦᠵᠡᠮᠵᠢ ᠶᠢᠨ ᠦᠨᠡᠨ᠂ ᠨᠡᠢᠭᠡᠮ ᠦᠨ ᠠᠮᠢᠳᠤᠷᠠᠯ ᠤᠨ ᠦᠨᠡᠨ᠂ ᠰᠦᠮ ᠡ ᠬᠡᠶᠢᠳ ᠪᠠᠢᠰᠢᠩ ᠪᠠᠷᠢᠯᠭ᠎ᠠ ᠶᠢᠨ ᠦᠨᠡᠨ᠂ ᠵᠤᠬᠢᠶᠠᠭᠴᠢ ᠶᠢᠨ ᠳᠤᠲᠤᠭᠠᠳᠤ ᠰᠡᠳᠬᠢᠯᠭᠡ ᠶᠢᠨ ᠦᠨᠡᠨ ᠵᠡᠷᠭᠡ ᠪᠠᠭᠲᠠᠨ᠎ᠠ᠃ ᠪᠠᠢᠭᠠᠯᠢ ᠶᠢᠨ ᠦᠵᠡᠮᠵᠢ ᠶᠢᠨ ᠦᠨᠡᠨ ᠲᠤᠰ ᠲᠡᠮᠳᠡᠭᠯᠡᠯ ᠳᠤᠮᠳᠠ ᠨᠡᠢᠲᠡᠮ ᠲᠠᠷᠬᠠᠵᠤ ᠪᠤᠢ ᠶᠤᠮ᠃ ᠵᠤᠬᠢᠶᠠᠭᠴᠢ ᠶᠠᠮᠠᠷ ᠨᠢᠭᠡ ᠰᠢᠨ᠎ᠡ ᠭᠠᠵᠠᠷ ᠬᠦᠷᠴᠦ ᠰᠤᠨᠢᠷᠬᠠᠯ ᠲᠠᠢ ᠦᠵᠡᠮᠵᠢ ᠶᠢ ᠦᠵᠡᠬᠦ ᠪᠤᠯᠭᠠᠨ ᠪᠠᠭᠲᠤᠭᠰᠠᠨ ᠰᠡᠳᠬᠢᠯᠭᠡ ᠪᠡᠷ ᠦᠨᠡᠨ ᠮᠦᠨ ᠢᠶᠡᠷ ᠲᠡᠮᠳᠡᠭᠯᠡᠵᠦ ᠲᠠᠯᠪᠢᠳᠠᠭ᠃ |
原文 |
查看原文
|
出自 |
中国蒙古学
2015年
第4期
|