论文信息


题名 ᠪ‍᠂ ᠪᠦᠷᠢᠨᠪᠡᠬᠢ ᠶᠢᠨ ᠢᠷᠠᠭᠤ ᠨᠠᠡᠢᠷᠠᠭ ᠤᠨ ᠤᠶᠠᠩᠭ᠋ ᠡ ᠶᠢᠨ ᠵᠠᠭᠪᠤᠷ- ᠠᠷᠭ᠋ ᠡ ᠪᠢᠯᠢᠭ᠌ ᠤᠨ ᠨᠢᠭᠡᠳᠤᠯ ᠪᠤᠶᠤ ᠠᠷᠭ᠋ ᠡ- ᠪᠢᠯᠢᠭ᠌ ᠤᠨ ᠵᠠᠭᠪᠤᠷ
作者 ᠲᠤᠷᠤᠨᠠᠲ᠋ᠡᠭᠷᠢ
关键词 ᠪ‍᠂ ᠪᠦᠷᠢᠨᠪᠡᠬᠢ; ᠢᠷᠠᠭᠤ ᠨᠠᠡᠢᠷᠠᠭ; ᠤᠶᠠᠩᠭ᠋ ᠡ ᠶᠢᠨ ᠵᠠᠭᠪᠤᠷ
摘要 ᠤᠶᠠᠩᠭ᠋ ᠡ ᠶᠢᠨ ᠵᠠᠭᠪᠤᠷ ᠭᠡᠭᠴᠢ ᠢᠷᠠᠭᠤ ᠨᠠᠡᠢᠷᠠᠭᠴᠢ ᠶᠢᠨ ᠤᠶᠠᠩᠭ᠋ᠠᠯᠠᠭᠳᠠᠬᠤᠨ ᠢ ᠡᠵᠡᠮᠳᠡᠬᠦ᠂ ᠰᠢᠢᠳᠪᠤᠷᠢᠯᠡᠬᠦ ᠠᠷᠭ᠋ ᠡ ᠮᠠᠶᠢᠭ ᠢ ᠬᠡᠯᠡᠨ᠎ ᠡ᠃ ᠲᠤᠬᠠᠢᠯᠠᠪᠠᠯ᠂ ᠶᠢᠷᠳᠢᠨᠴᠦ- ᠬᠦᠮᠦᠨ᠂ ᠬᠡᠷᠡᠭ ᠪᠤᠳᠠᠰ᠂ ᠶᠡᠬᠡ ᠪᠠᠡᠢᠭᠠᠯᠢ᠂ ᠰᠠᠨᠠᠭ᠋ ᠡ ᠰᠡᠳᠬᠢᠯᠭᠡ ᠭᠡᠬᠦ ᠵᠠᠷᠭᠡ ᠶᠢᠨ ᠤᠶᠠᠩᠭ᠋ᠠᠯᠠᠭᠳᠠᠬᠤᠨ ᠢ ᠤᠷᠠᠯᠢᠭ ᠤᠨ ᠶᠢᠷᠳᠢᠨᠴᠦ ᠳᠤ ᠠᠪᠴᠦ ᠤᠷᠦᠬᠤ ᠠᠷᠭ᠋ ᠡ ᠮᠠᠶᠢᠭ ᠤᠤᠨ ᠢ ᠵᠢᠭᠠᠨ᠎ ᠡ᠃ ᠮᠤᠩᠭ᠋ᠤᠯ ᠢᠷᠠᠭᠤ ᠨᠠᠡᠢᠷᠠᠭ ᠤᠨ ᠤᠯᠠᠮᠵᠢᠯᠠᠯ ᠳᠤ ᠦᠷᠭᠦᠯᠵᠢ ᠬᠠᠷᠠᠭᠳᠠᠳᠠᠭ ᠠᠷᠭ᠋ ᠡ ᠪᠢᠯᠢᠭ᠌ ᠤᠨ ᠨᠢᠭᠡᠳᠤᠯ᠂ ᠬᠦᠮᠦᠨ ᠪᠠᠡᠢᠭᠠᠯᠢ ᠶᠢᠨ ᠤᠶᠠᠯᠳᠤᠯ᠂ ᠤᠷᠤᠨ ᠴᠠᠭ ᠤᠨ ᠪᠠᠯᠠᠷᠬᠠᠡᠢᠰᠢᠯ᠂ ᠦᠩᠭᠡ ᠦᠵᠡᠮᠵᠢ ᠶᠢᠨ ᠨᠡᠪᠳᠡᠷᠠᠯᠴᠡᠯ ᠭᠡᠬᠦ ᠮᠠᠳᠤ ᠶᠢᠨ ᠤᠶᠠᠩᠭ᠋ ᠡ ᠶᠢᠨ ᠵᠠᠭᠪᠤᠷ ᠤᠤᠨ ᠪ‍᠂ ᠪᠦᠷᠢᠨᠪᠡᠬᠢ ᠶᠢᠨ ᠰᠢᠯᠦᠭ ᠲᠤᠭᠤᠷᠪᠢᠯ ᠳᠤ ᠵᠦᠩᠳᠡᠭᠡᠨ ᠲᠤᠬᠢᠯᠳᠤᠨ᠎ ᠡ᠃ ᠲᠤᠰ ᠦᠭᠦᠯᠡᠯ ᠳᠤ᠂ ᠲᠡᠭᠦᠨ ᠤ ᠰᠤᠶᠤᠯ ᠤᠨ ᠤᠯᠠᠮᠵᠢᠯᠠᠯ᠂ᠴᠠᠭ ᠦᠶ ᠡ ᠶᠢᠨ ᠵᠤᠬᠢᠶᠠᠯ ᠤᠨ ᠰᠤᠷᠳᠠᠯ᠂ ᠭᠤᠤ ᠡ ᠵᠦᠢ ᠶᠢᠨ ᠬᠦᠭᠡᠭᠡᠴᠡᠯᠳᠤᠯ ᠲᠠᠢ ᠨᠢ ᠬᠤᠯᠪᠤᠭᠳᠠᠬᠤ ᠨᠢᠭᠡ ᠵᠤᠡᠢᠯ ᠤᠨ ᠤᠶᠠᠩᠭ᠋ ᠡ ᠶᠢᠨ ᠵᠠᠭᠪᠤᠷ  ᠠᠷᠭ᠋ ᠡ ᠪᠢᠯᠢᠭ᠌ ᠤᠨ ᠨᠢᠭᠡᠳᠤᠯ ᠢ ᠠᠪᠴᠦ ᠰᠢᠨᠵᠢᠯᠠᠪᠡ᠃
原文 查看原文
出自 中国蒙古学 2011年 第2期

联系我们


内蒙古大学图书馆
呼和浩特市大学西路235号
中国·内蒙古
P: (0471) 4992561
E: huangfeilong@imu.edu.cn