摘要 |
ᠲᠤᠰ ᠦᠭᠦᠯᠡᠯ ᠳᠦ ᠂ ᠮᠠᠤ ᠽᠧ ᠳ᠋ᠦᠩ ᠦᠨ 《ᠬᠠᠯᠠᠮᠰᠢᠯ》᠋ ᠤᠨ ᠪᠤᠢ ᠪᠤᠯᠤᠭᠰᠠᠨ ᠶᠠᠪᠤᠴᠠ ᠪᠠ ᠡᠨᠡᠬᠦ ᠦᠵᠡᠯ ᠰᠠᠨᠠᠭᠠᠨ ᠤ ᠤᠷᠤᠰᠬᠠᠯ ᠤᠨ ᠨᠡᠢ᠌ᠭᠡᠮ ᠦᠨ ᠡᠯ᠎ᠡ ᠡᠲᠡᠭᠡᠳ ᠲᠠᠬᠢ ᠪᠤᠳᠠᠲᠠᠢ ᠢᠯᠡᠷᠡᠯ ᠢ ᠳᠡᠯᠭᠡᠨ ᠦᠵᠡᠭᠦᠯᠵᠦ᠂ ᠲᠡᠭᠦᠨ ᠦ ᠪᠤᠢ ᠪᠤᠯᠤᠭᠰᠠᠨ ᠨᠡᠢ᠌ᠭᠡᠮ ᠪᠡ ᠲᠠᠨᠢᠯᠲᠠ ᠶᠢᠨ ᠡᠬᠢ ᠰᠤᠷᠪᠤᠯᠵᠢ ᠵᠢᠴᠢ ᠤᠯᠤᠰ ᠲᠦᠷᠦ᠂ ᠠᠵᠤ ᠠᠬᠤᠢ ᠶᠢᠨ ᠰᠢᠯᠲᠠᠭᠠᠨ ᠢ ᠡᠷᠢᠨ ᠰᠦᠪᠡᠭ᠍ᠴᠢᠯᠡᠵᠦ᠂ ᠡᠨᠡᠬᠦ 《ᠬᠠᠯᠠᠮᠰᠢᠯ》᠋ ᠤᠨ ᠢᠳᠡᠪᠬᠢᠲᠡᠢ ᠲᠠᠯ᠎ᠠ ᠪᠠ ᠠᠩ᠋ᠬᠠᠷᠤᠭᠤᠰᠢᠲᠠᠢ ᠲᠠᠯ᠎ᠠ ᠶᠢ ᠵᠢᠭᠠᠨ ᠭᠠᠷᠭᠠᠵᠤ᠂ ᠬᠠᠮᠢᠶ᠎ᠠ ᠪᠦᠬᠦᠢ ᠰᠠᠯᠠᠭ᠎ᠠ ᠮᠦᠴᠢᠷ ᠡᠴᠡ ᠡᠨᠡᠬᠦ ᠨᠡᠢ᠌ᠭᠡᠮ ᠦᠨ ᠦᠵᠡᠯ ᠰᠠᠨᠠᠭᠠᠨ ᠤ ᠤᠷᠤᠰᠬᠠᠯ ᠳᠤ ᠶᠠᠮᠠᠷ ᠠᠷᠭ᠎ᠠ ᠪᠤᠳᠤᠯᠭ᠎ᠠ ᠠᠪᠤᠪᠠᠯ ᠵᠤᠬᠢᠬᠤ ᠲᠤᠬᠠᠢ ᠦᠪᠡᠷ ᠦᠨ ᠪᠤᠳᠤᠯ ᠰᠠᠨᠠᠯ ᠢᠶᠠᠨ ᠳᠡᠪᠰᠢᠭᠦᠯᠦᠭᠰᠡᠨ ᠪᠠᠢ᠌ᠨ᠎ᠠ᠃ |