摘要 |
ᠰᠢᠶᠠᠨᠪᠸᠢ ᠨᠢ ᠬᠢᠶᠠᠨ ᠦ ᠲᠤᠤᠷ ᠠ ᠬᠢᠳᠡᠳ ᠦᠭᠡᠨ ᠦ《ᠰᠢᠪᠡᠭ᠍ᠴᠢᠨ》ᠬᠡᠮᠡᠬᠦ ᠤᠳᠬ᠎ᠠ ᠪᠦᠬᠦᠢ 《ᠪᠢ 》ᠶᠢ ᠵᠠᠯᠭᠠᠵᠤ ᠪᠦᠳᠦᠭᠡᠭ᠍ᠰᠡᠨ ᠰᠢᠨ᠎ᠡ ᠦᠬᠡ᠂ ᠡᠾᠦ᠋ᠩᠨᠦ ᠨᠢ ᠮᠦᠨ ᠬᠢᠶᠠᠨ ᠬᠡᠬᠦ ᠦᠬᠡ ᠶᠢᠨ ᠲᠤᠤᠷ ᠠ ᠬᠢᠳᠡᠳ ᠦᠬᠡᠨ ᠦ《ᠪᠤᠭᠤᠯ 》ᠬᠡᠮᠡᠬᠦ ᠤᠳᠬ᠎ᠠ ᠪᠦᠭᠦᠢ 《ᠨᠦ》 ᠶᠢ ᠵᠠᠯᠭᠠᠵᠤ ᠪᠦᠳᠦᠭᠡᠭ᠍ᠰᠡᠨ ᠰᠢᠨ᠎ᠡ ᠦᠬᠡ ᠪᠤᠯᠤᠨ᠎ᠠ᠃ ᠬᠢᠶ᠎ᠡ ᠭᠡᠭ᠍ᠴᠢ ᠨᠢ ᠬᠢᠲᠡᠳ ᠰᠤᠷᠪᠤᠯᠵᠢ ᠪᠢᠴᠢᠭ᠌ ᠲᠡᠬᠢ 《ᠰᠢᠶᠠ》ᠯᠤᠭ᠎ᠠ ᠲᠤᠬᠢᠷᠠᠯᠴᠠᠨ᠎ᠠ᠃ ᠰᠢᠶᠠᠨᠪᠸᠢ ᠯᠦᠭᠡ ᠵᠡᠷᠭᠡ ᠪᠡᠷ ᠢᠯᠡᠷᠡᠭᠰᠡᠨ ᠦᠬᠤᠸᠠᠨ ᠪᠤᠯ ᠮᠣᠩᠭᠣᠯ ᠦᠭᠡᠨ ᠦ 《ᠤᠤᠭᠠᠨ》ᠪᠤᠯᠤᠨ᠎ᠠ᠃ ᠡᠾᠦ᠋ᠩᠨᠦ ᠶᠢᠨ ᠴᠠᠨ ᠢᠦᠢ ᠤᠤᠭᠠᠨ ᠬᠦᠪᠡᠭᠦᠨ ᠶᠢᠨᠨ ᠵᠡᠭᠦᠨ ᠡᠳᠡᠭᠡᠳ ᠤᠨ ᠲᠦᠰᠢᠶ ᠠ ᠸᠠᠩ ᠡᠷᠭᠦᠮᠵᠢᠯᠡᠳᠡᠭ ᠪᠤᠯᠬᠤᠷ ᠰᠢᠶᠠᠨᠪᠸᠢ ᠨᠠᠷ ᠤᠨ ᠨᠤᠶᠠᠳ ᠨᠢ 《ᠤᠤᠭᠠᠨ》 ᠶᠢᠨᠷ ᠤᠪᠤᠭ ᠪᠤᠯᠭᠠᠭᠰᠠᠨ ᠪᠠᠢ᠌ᠵᠠᠢ᠃ ᠡᠢ᠌ᠮᠦ ᠡᠴᠡ ᠳ᠋ᠦᠩᠬᠤ ᠬᠡᠳᠡᠭ ᠨᠢ ᠵᠡᠭᠦᠨ ᠡᠳᠡᠭᠡᠳ ᠤᠨ 《ᠭᠦᠦ》᠂ 《ᠬᠦᠦ ᠬᠡᠮᠡᠭᠴᠢ ᠢᠨᠦ ᠳᠡᠭᠷᠢ ᠶᠢᠨ ᠡᠩᠭᠦᠷᠢ ᠬᠦᠪᠡᠭᠦᠨ ᠪᠤᠶᠤ》ᠭᠡᠵᠦ《ᠰᠤᠳᠤᠷ ᠳᠡᠮᠳᠡᠭᠯᠡᠯ 》ᠳᠤ ᠲᠤᠳᠤᠷᠬᠠᠢ ᠲᠠᠢ᠌ᠯᠪᠤᠷᠢᠯᠠᠭᠰᠠᠨ ᠪᠠᠢ᠌ᠳᠠᠭ᠃ ᠰᠢᠶᠠᠨᠪᠸᠢ ᠨᠢ ᠪᠤᠯ ᠮᠣᠩᠭᠣᠯ ᠬᠦᠮᠦᠨ ᠦ ᠢᠵᠠᠭᠤᠷ ᠳᠡᠭᠡᠲᠤᠰ ᠮᠦᠨ᠃ |