题名 |
ᠤᠢᠭᠤᠷᠵᠢᠨ ᠮᠣᠩᠭᠣᠯ ᠪᠢᠴᠢᠭ᠌ ᠲᠤ ᠢᠯᠡᠷᠡᠷᠭᠰᠡᠨ ᠤᠷᠳᠤ ᠡᠬᠡᠰᠢᠭ᠌ ᠯᠤᠬᠡ ᠬᠤᠯᠪᠤᠭᠳᠠᠭᠰᠠᠨ ᠪᠢᠴᠢᠯᠭᠡ ᠶᠢᠨ ᠲᠤᠬᠠᠢ |
作者 |
ᠴᠠᠭᠠᠨᠰᠠᠷ᠎ᠠ |
关键词 |
ᠤᠢ᠌ᠭᠤᠷᠵᠢᠨ ᠮᠣᠩᠭᠣᠯ ᠪᠢᠴᠢᠭ᠌ ; ᠤᠷᠳᠤ ᠡᠬᠡᠰᠢᠭ᠌ |
摘要 |
ᠵᠤᠬᠢᠶᠠᠭᠴᠢ ᠳᠤᠮᠳᠠᠳᠤ ᠵᠠᠭᠤᠨ ᠦ ᠮᠣᠩᠭᠣᠯ ᠬᠡᠯᠡᠨ ᠳᠤ ᠤᠷᠳᠤ ᠡᠬᠡᠰᠢᠭ᠌ ᠲᠠᠢ ᠪᠤᠯᠤᠭᠰᠠᠨ ᠬᠡᠳᠡᠭ ᠨᠢᠭᠡᠨᠳᠡ ᠨᠡᠯᠢᠶᠡᠳ ᠲᠤᠳᠤᠷᠬᠠᠢ ᠡᠷᠳᠡᠮ ᠰᠢᠨᠵᠢᠯᠡᠭᠡᠨ ᠦ ᠳ᠋ᠦᠩᠨᠡᠯᠳᠡ ᠪᠡᠷ ᠤᠷᠢᠳᠡᠯ ᠪᠤᠯᠭᠠᠵᠤ᠂ ᠤᠢ᠌ᠭᠤᠷᠵᠢᠨ ᠮᠣᠩᠭᠣᠯ ᠪᠢᠴᠢᠭ᠌ ᠤᠨ ᠲᠤᠷᠠᠰᠬᠠᠯᠲᠤ ᠪᠢᠴᠢᠭ᠌ ᠤᠳ ᠲᠤ ᠢᠯᠡᠷᠡᠭᠰᠡᠨ ᠤᠳᠤ ᠦᠶ ᠠ ᠶᠢᠨ ᠪᠡ ᠳᠤᠮᠳᠠᠳᠤ ᠵᠠᠭᠤᠨ ᠦ ᠮᠣᠩᠭᠣᠯ ᠬᠡᠯᠡᠨ ᠦ ᠤᠷᠳᠦ ᠡᠬᠡᠰᠢᠭ᠌ ᠲᠠᠢ ᠬᠤᠯᠪᠤᠭᠳᠠᠭᠰᠠᠨ ᠪᠢᠴᠢᠯᠭᠡ ᠶᠢᠨ ᠬᠡᠯᠪᠡᠷᠢ ᠶᠢᠨ ᠲᠤᠬᠠᠢ ᠬᠤᠷᠢᠶᠠᠩᠭ᠋ᠤᠢ᠌ᠯᠠᠯ ᠰᠢᠨᠵᠢᠯᠡᠯ ᠬᠢᠵᠦ᠂ v+c+v ᠨᠡᠢ᠌ᠯᠡᠮᠡᠯ ᠪᠤᠯ ᠤᠢ᠌ᠭᠤᠷᠵᠢᠨ ᠮᠣᠩᠭᠣᠯ ᠪᠢᠴᠢᠭ᠌ ᠤᠨ ᠵᠠᠷᠢᠮ ᠦᠬᠡᠨ ᠳᠤ ᠤᠷᠳᠤ ᠡᠬᠡᠰᠢᠭ᠌ ᠳᠡᠮᠳᠡᠭᠯᠡᠬᠦ ᠨᠢᠭᠡ ᠵᠦᠢᠯ ᠤᠨ ᠠᠷᠭ᠎ᠠ ᠬᠡᠯᠪᠡᠷᠢ ᠪᠠᠢ᠌ᠭᠰᠠᠨ ᠪᠤᠯᠤᠯᠲᠠᠢ ᠭᠡᠵᠦ ᠦᠵᠡᠪᠡ᠃ ᠡᠭᠦᠨ ᠦ ᠳᠠᠭᠠᠤ ᠳᠤ ᠤᠢ᠌ᠭᠤᠷᠵᠢᠨ ᠮᠣᠩᠭᠣᠯ ᠪᠢᠴᠢᠭ᠌᠂ ᠲᠦᠷᠪᠡᠯᠵᠢᠨ ᠪᠢᠴᠢᠭ᠌ ᠬᠢᠭᠡᠳ ᠬᠢᠲᠠᠳ ᠦᠰᠦᠭ ᠤᠨ ᠮᠣᠩᠭᠣᠯ ᠬᠡᠯᠡᠨ ᠦ ᠮᠠᠲ᠋ᠸᠷᠢᠶᠠᠯ ᠤᠨ ᠰᠠᠭᠤᠷᠢ ᠪᠤᠯᠤᠭᠰᠠᠨ ᠬᠡᠯᠡ ᠠᠶᠠᠯᠭᠤ ᠨᠢ ᠨᠢᠭᠡᠳᠦᠯᠲᠠᠢ ᠪᠠᠢ᠌ᠬᠤ ᠪᠤᠯᠤᠯᠴᠠᠭ᠎ᠠ ᠶᠡᠬᠡ ᠪᠠᠢ᠌ᠨ᠎ᠠ ᠭᠡᠵᠦ ᠦᠵᠡᠪᠡ᠃ |
原文 |
查看原文
|
出自 |
内蒙古大学学报
2002年
第4期
|