题名 |
《ᠮᠣᠩᠭᠤᠯ ᠤᠨ ᠨᠢᠭᠤᠴᠠ ᠲᠤᠪᠴᠢᠶᠠᠨ》 ᠳᠠᠬᠢ 《ᠴᠢᠴᠤᠭᠠ》 ᠭᠡᠳᠡᠭ ᠦᠭᠡ ᠶᠢᠨ ᠲᠤᠬᠠᠢ ᠣᠢᠯᠠᠭᠠᠯᠲᠠ ᠶᠢ ᠰᠢᠭᠦᠨ ᠦᠵᠡᠭᠰᠡᠨ ᠨᠢ |
作者 |
ᠵ · ᠬᠦᠷᠡᠯᠪᠠᠭᠠᠲᠤᠷ |
关键词 |
《ᠮᠣᠩᠭᠤᠯ ᠤᠨ ᠨᠢᠭᠤᠴᠠ ᠲᠤᠪᠴᠢᠶᠠᠨ》; 《ᠴᠢᠴᠤᠭᠠ》; ᠪᠠᠭᠳᠠᠨ ᠪᠠᠭᠲᠠᠭᠠᠬᠤ ᠤᠳᠬ᠎ᠠ ᠶᠢᠨ ᠬᠠᠷᠢᠴᠠᠭ᠎ᠠ |
摘要 |
《ᠴᠢᠴᠤᠭᠠ》 ᠭᠡᠳᠡᠭ ᠦᠭᠡ ᠨᠢ 《ᠮᠣᠩᠭᠤᠯ ᠤᠨ ᠨᠢᠭᠤᠴᠠ ᠲᠤᠪᠴᠢᠶᠠᠨ》 ᠤ ᠬᠠᠳᠠᠮᠠᠯ ᠣᠷᠴᠢᠭᠤᠯᠭ᠎ᠠ ᠳᠤ 《鞭子》 ᠭᠡᠬᠦ ᠲᠤᠳᠤᠷᠬᠠᠢ ᠲᠠᠢᠯᠪᠤᠷᠢ ᠲᠠᠢ ᠪᠠᠢᠳᠠᠭ᠃ ᠡᠯᠳᠡᠩᠳᠡᠢ 《ᠮᠣᠩᠭᠤᠯ ᠤᠨ ᠨᠢᠭᠤᠴᠠ ᠲᠤᠪᠴᠢᠶᠠᠨ — ᠰᠡᠢᠷᠡᠭᠦᠯᠦᠯ ᠲᠠᠢᠯᠪᠤᠷᠢ》 ᠳᠠᠭᠠᠨ ᠦᠭᠡᠷ᠎ᠡ ᠲᠠᠢᠯᠪᠤᠷᠢ ᠬᠢᠵᠦ 《ᠲᠠᠰᠢᠭᠤᠷ》 ᠭᠡᠬᠦ ᠣᠢᠯᠠᠭᠠᠯᠲᠠ ᠶᠢ ᠨᠢ ᠲᠠᠰᠢᠶᠠᠷᠠᠭᠰᠠᠨ ᠭᠡᠵᠦ ᠦᠵᠡᠭᠰᠡᠨ ᠡᠴᠡ ᠡᠬᠢᠯᠡᠭᠰᠡᠨ ᠪᠤᠯᠤᠯᠲᠠᠢ ᠲ ᠡᠭᠦᠨ ᠡᠴᠡ ᠬᠤᠢᠰᠢ ᠡᠷᠳᠡᠮᠲᠡᠳ ᠤᠭ ᠦᠭᠡᠨ ᠳᠦ ᠶᠠᠩᠵᠤ ᠪᠦᠷᠢ ᠶᠢᠨ ᠲᠠᠢᠯᠪᠤᠷᠢ ᠶᠢ ᠬᠢᠭᠰᠡᠭᠡᠷ ᠢᠷᠡᠵᠡᠢ᠃ ᠦᠭᠦᠯᠡᠯ ᠳᠦ᠂ 《ᠰᠡᠭᠦᠳᠡᠷ ᠡᠴᠡ ᠪᠤᠰᠤ ᠨᠦᠬᠦᠷ ᠦᠭᠡᠢ᠂ ᠰᠡᠭᠦᠯ ᠡᠴᠡ ᠪᠤᠰᠤ ᠴᠢᠴᠤᠭᠠ ᠦᠭᠡᠢ》 ᠭᠡᠬᠦ ᠬᠡᠯᠡᠴᠡ ᠶᠢᠨ ᠢᠵᠢ ᠪᠦᠷᠢᠯᠳᠦᠭᠦᠨ ᠦᠭᠡ ᠨᠦᠬᠦᠳ᠂ ᠲᠤᠬᠠᠢᠯᠠᠪᠠᠯ 《ᠰᠡᠭᠦᠳᠡᠷ》 ᠬᠢᠭᠡᠳ 《ᠨᠦᠬᠦᠷ》᠂ 《ᠰᠡᠭᠦᠯ》 ᠪᠡ 《ᠴᠢᠴᠤᠭᠠ》 ᠨᠢ ᠪᠠᠭᠲᠠᠨ ᠪᠠᠭᠲᠠᠭᠠᠬᠤ ᠤᠳᠬ᠎ᠠ ᠶᠢᠨ ᠬᠠᠷᠢᠴᠠᠭ᠎ᠠ ᠳᠤ ᠪᠤᠢ ᠭᠡᠵᠦ ᠦᠵᠡᠭᠡᠳ ᠪᠦᠷᠢᠯᠳᠦᠭᠦᠨ ᠦᠭᠡ 《ᠴᠢᠴᠤᠭᠠ》 ᠶᠢᠨ ᠲᠤᠬᠠᠢ ᠦᠩᠭᠡᠷᠡᠭᠰᠡᠨ ᠦ ᠣᠢᠯᠠᠭᠠᠯᠲᠠ ᠨᠤᠭᠤᠳ ᠢ ᠤᠭ ᠬᠠᠷᠢᠴᠠᠭ᠎ᠠ ᠳᠤ ᠲᠠᠯᠪᠢᠵᠤ ᠵᠦᠪ ᠡᠰᠡᠭᠦ ᠶᠢ ᠨᠢ ᠰᠢᠯᠭᠠᠭᠰᠠᠨ ᠤ ᠡᠴᠦᠰ ᠲᠤ 《ᠴᠢᠴᠤᠭᠠ》 ᠨᠢ 《ᠲᠠᠰᠢᠭᠤᠷ》 ᠪᠠᠢᠬᠤ ᠶᠤᠰᠤᠲᠠᠢ ᠭᠡᠬᠦ ᠳ᠋ᠦᠩᠨᠡᠯᠲᠡ ᠶᠢ ᠭᠠᠷᠭᠠᠵᠠᠢ᠃ |
原文 |
查看原文
|
出自 |
中国蒙古学
2016年
第2期
|