摘要 |
ᠴᠢᠩᠬᠢᠰ ᠬᠠᠭᠠᠨ ᠤ ᡁ《ᠮᠦᠩᠬᠡ ᠲᠡᠭᠷᠢ ᠶᠢᠨ ᠬᠦᠴᠦᠨ》 ᠤ ᠤᠨᠤᠯ ᠨᠢ ᠮᠣᠩᠭᠤᠯ ᠤᠨ ᠬᠠᠭᠠᠨᠲᠤ ᠤᠯᠤᠰ ᠤᠨ ᠪᠦᠬᠦᠯᠢ ᠴᠠᠭ ᠦᠶ ᠠ ᠶᠢᠨ ᠱᠠᠰᠢᠨ ᠰᠤᠷᠲᠠᠬᠤᠨ ᠤ ᠤᠨᠤᠯ ᠳ᠋ᠤ ᠨᠤᠶᠠᠯᠠᠭᠰᠠᠨ ᠢᠢᠡᠷ ᠪᠠᠷᠠᠬᠤ ᠦᠭᠡᠢ᠂ ᠬᠠᠵᠢᠭᠤ ᠦᠶ ᠠ ᠶᠢᠨ ᠮᠣᠩᠭᠤᠯ ᠤᠨ ᠡᠯ ᠠ ᠴᠠᠭ ᠦᠶ᠎ᠠ ᠶᠢᠨ ᠱᠠᠰᠢᠨ ᠰᠤᠷᠲᠠᠬᠤᠨ ᠤ ᠦᠵᠡᠯ ᠰᠠᠨᠠᠭ᠎ᠠ ᠵᠢ ᠴᠦ ᠠᠳᠠᠯᠢ ᠪᠣᠰᠤ ᠬᠡᠮᠵᠢᠶ ᠠ ᠪᠡᠷ ᠨᠤᠶᠠᠯᠠᠨ ᠨᠦᠯᠦᠭᠡᠯᠡᠭᠰᠡᠨ ᠶᠣᠮ᠃ 《ᠬᠤᠪᠢᠯᠠᠢ ᠡᠯ ᠠ ᠵᠦᠢᠯ ᠤᠨ ᠱᠠᠰᠢᠨ ᠳ᠋ᠤ ᠬᠡᠳᠦᠢᠪᠡᠷ ᠡᠮᠦᠨᠡᠬᠢ ᠬᠠᠭᠠᠳ ᠤᠨ ᠲᠦᠷᠦ ᠶᠢᠨ ᠪᠣᠳᠤᠯᠭ᠎ᠠ ᠵᠢ ᠦᠷᠬᠦᠯᠵᠢᠯᠡᠨ ᠬᠡᠷᠡᠭᠵᠢᠬᠦᠯᠵᠦ ᠪᠠᠢᠭᠰᠠᠨ ᠪᠣᠯᠪᠠᠴᠦ ᠪᠣᠳ᠋ᠳ᠋ᠾᠠ ᠶᠢᠨ ᠱᠠᠰᠢᠨ ᠳ᠋ᠤ ᠬᠡᠯᠪᠡᠢᠭᠰᠡᠨ ᠪᠠᠢᠵᠠᠢ᠃ ᠶᠤᠸᠠᠨ ᠤᠯᠤᠰ ᠤᠨ ᠲᠤᠮᠳᠠᠴᠦᠢ ᠪᠠ ᠬᠤᠢᠴᠢ ᠦᠶ ᠠ ᠳ᠋ᠤ ᠬᠦᠷᠦᠭᠡᠳ ᠪᠤᠳ᠋ᠳ᠋ᠾᠠ ᠶᠢᠨ ᠱᠠᠰᠢᠨ ᠨᠢ ᠪᠣᠰᠤᠳ ᠡᠯ ᠠ ᠱᠠᠰᠢᠨ ᠤ ᠲᠡᠭᠡᠳᠦ ᠳ᠋ᠤ ᠪᠠᠢᠷᠢᠯᠠᠵᠤ᠂ᠪᠤᠳ᠋ᠳ᠋ᠾᠠ ᠶᠢᠨ ᠲᠤᠢᠨ ᠬᠤᠸᠠᠷᠠᠭ ᠤᠨ ᠪᠠᠢᠷᠢ ᠰᠠᠭᠤᠷᠢ ᠡᠳᠦᠷ ᠡᠴᠡ ᠡᠳᠦᠷ ᠦᠨᠳᠦᠷᠵᠢᠪᠡ᠃ |