摘要 |
ᠮᠣᠩᠭᠤᠯ ᠨᠳᠦᠰᠦᠲᠡᠨ ᠤ ᠪᠠᠢᠭᠤᠯᠤᠭᠰᠠᠨ ᠨᠢᠭᠡᠳᠦᠮᠡᠯ ᠶᠤᠸᠠᠨ ᠬᠠᠭᠠᠨᠲᠤ ᠲᠦᠷᠦ ᠨᠢ ᠲᠤᠮᠲᠠᠲᠤ ᠤᠯᠤᠰ ᠤᠨ ᠡᠷᠲᠡᠨ ᠤ ᠤᠳᠬ ᠠ ᠵᠣᠬᠢᠶᠠᠯ ᠤᠨ ᠭᠦᠭᠵᠢᠯᠲᠡ ᠳ᠋ᠤ ᠤᠯᠠᠨ ᠲᠠᠯ ᠠ ᠶᠢᠨ ᠨᠦᠯᠦᠭ ᠡᠵᠢ ᠠᠪᠴᠢᠷᠠᠭᠰᠠᠨ ᠶᠣᠮ᠃ ᠬᠢᠲᠠᠳ ᠤᠷᠠᠨ ᠵᠣᠬᠢᠶᠠᠯ ᠤᠨ ᠲᠤᠳᠤᠷ ᠠ ᠮᠣᠩᠭᠤᠯ ᠦᠭᠡᠰ ᠢ ᠠᠭᠤᠰᠬᠠᠵᠤ ᠤᠷᠤᠭᠤᠯᠤᠭᠰᠠᠨ ᠨᠢ ᠡᠭᠦᠨ ᠤ ᠲᠤᠳᠤᠷᠠᠬᠢ ᠴᠢᠬᠤᠯᠠ ᠨᠢᠭᠡᠨ ᠨᠦᠯᠦᠭᠡ ᠭᠡᠵᠦ ᠬᠡᠯᠡᠵᠦ ᠪᠤᠯᠬᠤ ᠮᠦᠷᠲᠡᠭᠡᠨ ᠡᠨᠡ ᠨᠢ ᠮᠦᠨ ᠦᠨᠳᠦᠰᠦᠲᠡᠨ ᠨᠦᠭᠦᠳᠤᠨ ᠬᠤᠭᠤᠷᠤᠨᠳᠤᠬᠢ ᠬᠠᠷᠢᠯᠴᠠᠭ᠎ᠠ ᠨᠢᠭᠲᠠ ᠪᠠᠢᠭᠰᠠᠠ ᠢ ᠲᠤᠳᠤᠬᠠᠨ ᠬᠠᠷᠠᠭᠤᠯᠵᠤ ᠪᠠᠢᠭ᠎ᠠ ᠶᠣᠮ᠃ ᠶᠤᠸᠠᠨ ᠤᠯᠤᠰ ᠤᠨ ᠦᠶ ᠠ ᠳ᠋ᠤ ᠰᠢ ᠵᠦᠴᠦᠭᠡ ᠪᠡᠷ ᠵᠤᠭᠰᠤᠬᠤ ᠦᠭᠡᠢ ᠲᠣᠬᠠᠢ ᠶᠢᠨ ᠦᠶ᠎ᠠ ᠶᠢᠨ ᠢᠷᠠᠭᠤ ᠨᠠᠢᠷᠠᠭ ᠤᠳ ᠲᠦ ᠪᠠᠰᠠ ᠤᠯᠠᠨ ᠮᠣᠩᠭᠤᠯ ᠦᠭᠡᠰ ᠢ ᠠᠭᠤᠰᠬᠠᠵᠤ ᠤᠷᠤᠭᠤᠯᠤᠭᠰᠠᠨ ᠪᠠᠢᠨ᠎ᠠ᠃ᠵᠠᠩ ᠵᠠᠩᠰᠢᠯ ᠤᠨ ᠬᠠᠮᠢᠶ ᠠ ᠲᠠᠢ ᠨᠡᠷ ᠡ᠂ ᠪᠠᠰᠠ ᠬᠦᠮᠦᠨ ᠪᠠ ᠭᠠᠵᠠᠷ ᠤᠨ ᠨᠡᠷ ᠡ ᠪᠠᠭ᠎ᠠ ᠪᠤᠰᠤ ᠪᠠᠢᠳᠠᠭ᠃ |