摘要 |
ᠤᠷᠠᠯᠢᠭ ᠢ ᠤᠬᠠᠮᠰᠠᠷ ᠦᠭᠡᠢ ᠤᠷᠠᠯᠢᠭ ᠪᠠ ᠤᠬᠠᠮᠰᠠᠷ ᠲᠠᠢ ᠤᠷᠠᠯᠢᠭ ᠭᠡᠵᠦ ᠪᠦᠳᠦᠭᠦᠪᠴᠢᠯᠡᠨ ᠬᠤᠪᠢᠶᠠᠵᠤ ᠪᠤᠯᠤᠨ᠎ᠠ᠃ ᠡᠷᠲᠡ ᠳᠡᠭᠡᠷ᠎ᠡ ᠦᠶ᠎ᠡ ᠡᠴᠡ ᠮᠠᠨ ᠤ ᠬᠡᠯᠡᠨ ᠳᠦ ᠲᠤᠭᠲᠠᠨ ᠬᠡᠷᠡᠭᠯᠡᠭᠳᠡᠭᠰᠡᠨ ᠰᠢᠯᠦᠭ ᠦᠨ ᠭᠡᠮ᠂ ᠠᠢ᠌ᠵᠠᠮ᠂ ᠬᠤᠯᠪᠤᠴᠠ ᠵᠡᠷᠭᠡ ᠬᠡᠯᠪᠡᠷᠢ ᠶᠢᠨ ᠤᠷᠠᠯᠢᠭ᠂ ᠵᠦᠢᠷᠯᠡᠯ᠂ ᠳᠠᠪᠠᠭᠤᠯᠤᠯ ᠵᠡᠷᠭᠡ ᠨᠠᠢ᠌ᠷᠠᠭᠤᠯᠭ᠎ᠠ ᠶᠢᠨ ᠣᠷᠤᠨ ᠨᠢ ᠴᠢᠪ ᠬᠡᠮᠡᠨ ᠪᠠᠯᠠᠷ ᠦᠶ᠎ᠡ ᠶᠢᠨ ᠬᠦᠮᠦᠰ ᠦᠨ ᠤᠷᠲᠤ ᠤᠳᠠᠭᠠᠨ ᠬᠤᠭᠤᠴᠠᠭᠠᠨ ᠳᠠᠬᠢ ᠪᠠᠭᠠᠵᠢ ᠵᠡᠪᠰᠡᠭ᠂ ᠰᠠᠪᠠ ᠰᠠᠭᠠᠯᠢ ᠵᠢᠴᠢ ᠬᠡᠯᠡᠨ ᠦ ᠤᠷᠠᠯᠢᠭ ᠢ ᠡᠭᠦᠳᠦᠨ ᠪᠦᠲᠦᠭᠡᠬᠦ ᠶᠠᠪᠤᠴᠠ ᠳᠤ ᠬᠦᠭ᠍ᠵᠢᠨ ᠪᠤᠯᠪᠠᠰᠤᠷᠠᠭᠰᠠᠨ ᠤᠬᠠᠭᠠᠨ ᠮᠡᠳᠡᠯ᠂ ᠰᠤᠶᠤᠯ ᠰᠡᠳᠬᠢᠴᠡ᠂ ᠭᠤᠤ᠎ᠠ ᠤᠬᠠᠮᠰᠠᠷ ᠤᠨ ᠬᠢᠨᠢ ᠤᠷᠠᠯᠢᠭ ᠤᠨ ᠬᠤᠢ᠌ᠨᠠᠬᠢ ᠴᠠᠭ ᠦᠶ᠎ᠡ ᠳᠡᠬᠢ ᠵᠢᠩᠭᠢᠨᠢ ᠤᠷᠠᠯᠢᠭ ᠤᠨ ᠪᠦᠲᠦᠭᠡᠭ᠍ᠳᠡᠭᠦᠨ ᠪᠠᠢ᠌ᠭ᠎ᠠ ᠶᠤᠮ ᠭᠡᠬᠦ ᠦᠵᠡᠯᠲᠡ ᠶᠢ ᠲᠤᠰ ᠦᠭᠦᠯᠡᠯ ᠳᠦ ᠳᠡᠪᠰᠢᠭᠦᠯᠵᠡᠢ᠃ |