论文信息


题名 《ᠦᠵᠡᠰᠭᠦᠯᠡᠩᠲᠦ ᠨᠢᠳᠦᠨ ᠴᠢᠮᠡᠭ》ᠲᠦ ᠬᠢ ᠡᠮᠲᠦ ᠠᠮᠢᠲᠠᠨ ᠬᠢᠭᠡᠳ ᠠᠮᠢᠲᠠᠨ ᠠᠴᠠ ᠭᠠᠷᠬᠤ ᠡᠮᠲᠦ ᠪᠤᠳᠠᠰ ᠤᠨ ᠲᠦᠷᠦᠯ ᠵᠤᠢ᠌ᠯ ᠤᠨ ᠲᠤᠬᠠᠢ ᠠᠩᠬᠨ ᠤ ᠮᠡᠳᠡᠭᠦᠯᠦᠯᠲᠡ
作者 ᠪᠦᠬᠡᠪᠠᠭᠠᠲᠤᠷ; ᠤᠷᠠᠨᠰᠤᠪᠤᠳ
关键词 《ᠦᠵᠡᠰᠭᠦᠯᠡᠩᠲᠦ ᠨᠢᠳᠦᠨ ᠴᠢᠮᠡᠭ》; ᠡᠮᠳᠦ ᠠᠮᠢᠲᠠᠨ; ᠠᠮᠢᠲᠠᠨ ᠠᠴᠠ ᠭᠠᠷᠬᠤ ᠡᠮ ᠦᠨ ᠲᠦᠷᠦᠯ ᠵᠤᠢ᠌ᠯ
摘要 ᠮᠣᠩ᠋ᠭᠤᠯ ᠡᠮ ᠦᠨ ᠤᠬᠠᠭᠠᠨᠲᠠᠨ ᠵᠠᠮᠪᠠᠯᠳᠤᠷᠵᠢ ᠶᠢᠨ ᠵᠤᠬᠢᠶᠠᠭᠰᠠᠨ 《ᠦᠵᠡᠰᠭᠦᠯᠡᠩᠲᠦ ᠨᠢᠳᠦᠨ ᠴᠢᠮᠡᠭ》᠋ ᠲᠦ ᠬᠢ ᠡᠮᠳᠦ ᠠᠮᠢᠲᠠᠨ ᠬᠢᠭᠡᠳ ᠠᠮᠢᠲᠠᠨ ᠠᠴᠠ ᠭᠠᠷᠬᠤ ᠡᠮᠳᠦ ᠪᠤᠳᠠᠰ ᠤᠨ ᠲᠦᠷᠦᠯ ᠵᠤᠢ᠌ᠯ ᠢ ᠲᠤᠳᠤᠷᠠᠭᠤᠯᠤᠨ᠎ᠠ᠃ ᠠᠷᠭ᠎ᠠ᠄ ᠰᠤᠷᠪᠤᠯᠵᠢ ᠪᠢᠴᠢᠭ᠌ ᠦᠨ ᠮᠠᠭᠠᠳᠯᠠᠯ ᠬᠢᠵᠦ ᠡᠮᠳᠦ ᠠᠮᠢᠲᠠᠨ ᠨᠢᠭᠡᠪᠦᠷᠢ ᠶᠢ ᠣᠳᠣ ᠦᠶ᠎ᠡ ᠶᠢᠨ ᠠᠮᠢᠳᠤ ᠪᠤᠳᠠᠰ ᠤᠨ ᠬᠢᠨᠠᠨ ᠳᠤᠭᠲᠠᠭᠠᠬᠤ ᠠᠷᠭ᠎ᠠ ᠪᠠᠷ ᠤᠤᠯ ᠠᠮᠢᠲᠠᠨ ᠤ ᠤᠭ ᠰᠤᠷᠪᠤᠯᠵᠢ ᠶᠢ ᠲᠤᠳᠤᠷᠠᠭᠤᠯᠤᠨ ᠲᠤᠭᠲᠠᠭᠠᠵᠤ᠂ ᠡᠮ ᠳᠦ ᠬᠡᠷᠡᠭᠯᠡᠭᠳᠡᠬᠦ ᠬᠡᠰᠡᠭ 《ᠡᠮ ᠦᠨ ᠲᠦᠷᠦᠯ ᠵᠤᠢ᠌ᠯ》᠋ ᠢ ᠡᠮᠬᠢᠳᠭᠡᠨ᠎ᠡ᠃ ᠦᠷ᠌᠎ᠡ ᠳ᠋ᠦᠩ᠄ 《ᠦᠵᠡᠰᠭᠦᠯᠡᠩᠲᠦ ᠨᠢᠳᠦᠨ ᠴᠢᠮᠡᠭ》᠋ ᠲᠦ 124 ᠵᠤᠢ᠌ᠯ ᠤᠨ ᠰᠤᠷᠪᠤᠯᠵᠢ ᠠᠮᠢᠲᠠᠨ ᠢ ᠭᠠᠷᠴᠠᠭᠯᠠᠵᠠᠢ᠂ ᠪᠤᠳᠠᠲᠠᠢ ᠡᠮᠬᠢᠳᠭᠡᠭ᠍ᠰᠡᠨ ᠢᠶᠡᠷ 5 ᠬᠦᠷᠢᠶ᠎ᠡ᠂ 31 ᠪᠠᠭ᠂ 71 ᠢᠵᠠᠭᠤᠷ᠂ 176 ᠳᠦᠷᠰᠦ ᠠᠮᠢᠲᠠᠨ ᠪᠤᠢ᠃ ᠡᠭᠦᠨ ᠡᠴᠡ ᠭᠠᠳᠠᠨ᠎ᠠ ᠭᠠᠯᠳᠢᠩ᠋ᠭ᠎ᠠ᠂ ᠮᠠᠳ ᠵᠢᠭᠠᠰᠤ᠂ ᠪᠠᠯᠴᠢᠷᠭᠠᠨ᠎ᠠ ᠶᠢᠨ ᠤᠷᠲᠤ ᠵᠡᠷᠭᠡ 9 ᠵᠤᠢ᠌ᠯ ᠤᠨ ᠠᠮᠢᠲᠠᠨ ᠤ ᠤᠭ ᠰᠤᠷᠪᠤᠯᠵᠢ ᠶᠢ ᠲᠤᠳᠤᠯᠠᠵᠤ ᠲᠡᠢ᠌ᠯᠦᠭᠡᠳᠦᠢ ᠪᠠᠢ᠌ᠭᠰᠠᠭᠠᠷ᠂ ᠠᠮᠢᠲᠠᠨ ᠠᠴᠠ ᠭᠠᠷᠬᠤ ᠡᠮᠳᠦ ᠪᠤᠳᠠᠰ ᠢ 258 ᠵᠤᠢ᠌ᠯ ᠢ ᠲᠠᠨᠢᠯᠴᠠᠭᠤᠯᠤᠭᠰᠠᠨ ᠪᠠᠢ᠌ᠨ᠎ᠠ᠃ ᠳ᠋ᠦᠩᠨᠡᠯᠲᠡ᠄ 《ᠦᠵᠡᠰᠭᠦᠯᠡᠩᠲᠦ ᠨᠢᠳᠦᠨ ᠴᠢᠮᠡᠭ》ᠪᠤᠯ ᠣᠷᠴᠢᠨ ᠦᠶ᠎ᠡ ᠶᠢᠨ ᠮᠣᠩ᠋ᠭᠤᠯ ᠡᠮ ᠦᠨ ᠤᠬᠠᠭᠠᠨᠲᠠᠨ ᠵᠠᠮᠪᠠᠯᠳᠤᠷᠵᠢ ᠶᠢᠨ ᠵᠤᠬᠢᠶᠠᠨ ᠦᠯᠡᠳᠡᠭᠡᠭ᠍ᠰᠡᠨ ᠮᠣᠩ᠋ᠭᠤᠯ ᠡᠮᠦᠨ ᠲᠤᠯᠢ ᠳᠤ ᠲᠤᠭᠠᠴᠠᠭᠳᠠᠬᠤ ᠲᠤᠮᠤᠬᠠᠨ ᠪᠦᠲᠦᠭᠡᠯ ᠪᠤᠯᠬᠤ ᠶᠤᠮ᠃ ᠣᠳᠤᠬᠠᠨ ᠳᠤ 《ᠦᠵᠡᠰᠭᠦᠯᠡᠩᠲᠦ ᠨᠢᠳᠦᠨ ᠴᠢᠮᠡᠭ》᠋ ᠦᠨ ᠲᠤᠠᠢ ᠰᠤᠳᠤᠯᠭᠠᠨ ᠬᠠᠷᠠᠬᠠᠨ ᠭᠦᠨᠵᠡᠡᠢ᠌ᠷᠡᠭᠡᠳᠦᠢ᠂ ᠮᠠᠰᠢ ᠣᠯᠠᠨ ᠲᠤᠳᠤᠷᠠᠭᠤᠯᠬᠤ ᠴᠢᠬᠤᠯᠠ ᠲᠠᠢ ᠵᠤᠢ᠌ᠯᠡᠰ ᠪᠤᠢ᠃ ᠵᠤᠬᠢᠶᠠᠭᠴᠢ ᠪᠠᠷ ᠵᠦᠪᠬᠡᠨ ᠡᠮᠳᠦ ᠠᠮᠢᠲᠠᠨ ᠬᠢᠭᠡᠳ ᠲᠡᠭᠦᠨ ᠳᠦ ᠬᠠᠷᠢᠶᠠᠯᠠᠭᠳᠠᠬᠤ ᠡᠮᠳᠦ ᠪᠤᠳᠠᠰ ᠤᠨ ᠲᠤᠬᠠᠢ ᠠᠩ᠋ᠬᠠᠨ ᠤ ᠰᠢᠨᠵᠢᠯᠡᠭᠡ ᠲᠡᠳᠦᠢ ᠬᠢᠭ᠍ᠰᠡᠨ ᠪᠤᠢ᠃ ᠨᠡ ᠬᠦ ᠠᠤᠭ᠎ᠠ ᠪᠦᠲᠦᠭᠡᠯ ᠢ ᠦᠨᠳᠦᠰᠦᠲᠡᠨ ᠦ ᠠᠨᠠᠭᠠᠬᠤ ᠤᠬᠠᠭᠠᠨ ᠬᠢᠭᠡᠳ ᠰᠤᠶᠤᠯ ᠤᠨ ᠦᠢᠯᠡᠰ ᠲᠦ ᠨᠡᠭᠡᠭᠡᠨ ᠠᠰᠢᠭᠯᠠᠬᠤ ᠶᠢᠨ ᠲᠤᠰᠠᠲᠠ ᠤᠯᠠᠮ ᠨᠢᠭᠡ ᠠᠯᠬᠤᠮ ᠰᠢᠰᠲ᠋ᠧᠮ ᠲᠡᠢ ᠰᠤᠳᠤᠯᠭᠠᠨ ᠬᠢᠬᠦ ᠶᠠᠪᠤᠳᠠᠯ ᠱᠠᠭᠠᠷᠳᠠᠭᠳᠠᠵᠤ ᠪᠤᠢ᠃
原文 查看原文
出自 内蒙古民族大学学报(蒙医药学) 2010年 第1期

联系我们


内蒙古大学图书馆
呼和浩特市大学西路235号
中国·内蒙古
P: (0471) 4992561
E: huangfeilong@imu.edu.cn