论文信息


题名 ᠮᠣᠩᠭᠤᠯ ᠪᠠ ᠬᠢᠲᠠᠳ ᠬᠡᠯᠡᠨ ᠦ ᠨᠡᠭᠦᠯᠲᠡ ᠶᠢᠨ ᠮᠣᠩᠭᠤᠯ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎ᠠ ᠳᠠᠬᠢ ᠦᠢᠯᠡᠳᠦᠯ ᠵᠢᠴᠢ ᠨᠦᠯᠦᠭᠡ
作者 ᠸᠠᠩ ᠮᠤ ᠯᠠᠨ
关键词 ᠬᠡᠯᠡᠨ ᠦ ᠨᠡᠭᠦᠯᠲᠡ; ᠠᠩᠭ᠍ᠯᠢ ᠬᠡᠯᠡᠨ ᠦ ᠰᠤᠷᠤᠯᠴᠠᠯᠭ᠎ᠠ; ᠮᠣᠩᠭᠤᠯ ᠰᠤᠷᠤᠭᠴᠢᠳ
摘要 ᠳᠡᠭᠡᠳᠦ ᠰᠤᠷᠭᠠᠭᠤᠯᠢ ᠶᠢᠨ ᠴᠦᠬᠡᠨ ᠲᠤᠭᠠᠲᠤ ᠦᠨᠳᠦᠰᠦᠲᠡᠨ ᠦ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎ᠠ ᠳᠠᠬᠢ ᠬᠡᠯᠡᠨ ᠦ ᠨᠡᠭᠦᠯᠲᠡ ᠨᠢ ᠬᠢᠲᠠᠳ ᠰᠤᠷᠤᠭᠴᠢ ᠲᠠᠢ ᠬᠠᠷᠢᠴᠠᠭᠤᠯᠪᠠᠯ ᠨᠡᠩ ᠣᠯᠠᠨ ᠬᠡᠯᠪᠡᠷᠢᠲᠦ ᠴᠢᠨᠠᠷ ᠲᠠᠢ ᠪᠦᠭᠡᠳ ᠪᠤᠳᠤᠯᠢᠶᠠᠨ ᠲᠠᠢ ᠶᠤᠮ᠃ ᠭᠡᠪᠡᠴᠦ ᠬᠡᠯᠡᠨ ᠦ ᠨᠡᠭᠦᠯᠲᠡ ᠶᠢ ᠰᠤᠳᠤᠯᠬᠤ ᠠᠷᠭ᠎ᠠ ᠨᠢ ᠮᠦᠨ ᠯᠡ ᠬᠤᠶᠠᠳᠤᠭᠠᠷ ᠬᠡᠯᠡᠨ ᠦ ᠰᠤᠷᠤᠯᠴᠠᠯᠭ᠎ᠠ ᠳᠠᠬᠢ ᠣᠨᠣᠯ ᠢᠶᠠᠷ ᠣᠨᠣᠯ ᠤᠨ ᠵᠢᠯᠤᠭᠤᠳᠤᠯᠭ᠎ᠠ ᠪᠤᠯᠭᠠᠳᠠᠭ᠃ ᠡᠢᠮᠦ ᠡᠴᠡ ᠮᠣᠩᠭᠤᠯ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎ᠠ ᠳᠠᠬᠢ ᠲᠦᠷᠦᠯᠬᠢ ᠬᠡᠯᠡ ᠪᠡ ᠬᠤᠶᠠᠳᠤᠭᠠᠷ ᠬᠡᠯᠡ (ᠬᠢᠲᠠᠳ ᠬᠡᠯᠡ) ᠶᠢᠨ ᠳᠠᠪᠬᠤᠷ ᠨᠡᠭᠦᠯᠲᠡ ᠶᠢᠨ ᠲᠤᠬᠠᠢ ᠰᠤᠳᠤᠯᠭ᠎ᠠ ᠬᠢᠬᠦ ᠳᠦ ᠵᠤᠬᠢᠶᠠᠭᠴᠢ ᠳᠡᠭᠡᠳᠦ ᠰᠤᠷᠭᠠᠭᠤᠯᠢ ᠶᠢᠨ ᠮᠣᠩᠭᠤᠯ ᠦᠨᠳᠦᠰᠦᠲᠡᠨ ᠦ ᠬᠤᠶᠠᠷ ᠬᠡᠯᠡ ᠲᠡᠢ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎ᠠ ᠪᠠᠷ ᠵᠢᠱᠢᠶ᠎ᠡ ᠪᠤᠯᠭᠠᠵᠤ᠂ ᠲᠡᠳᠡᠨ ᠦ ᠲᠦᠷᠦᠯᠬᠢ ᠬᠡᠯᠡ ᠪᠡ ᠠᠩᠭ᠍ᠯᠢ ᠬᠡᠯᠡ᠂ ᠬᠢᠲᠠᠳ ᠬᠡᠯᠡ ᠪᠡ ᠠᠩᠭ᠍ᠯᠢ ᠬᠡᠯᠡ ᠶᠢ ᠠᠪᠢᠶ᠎ᠠ᠂ ᠦᠭᠡ᠂ ᠬᠡᠯᠡᠨ ᠦ ᠵᠦᠢ ᠶᠢᠨ ᠲᠠᠯ᠎᠎ᠠ ᠠᠴᠠ ᠬᠠᠷᠢᠴᠠᠭᠤᠯᠤᠨ ᠵᠠᠳᠠᠯᠵᠤ᠂ ᠡᠨᠡ ᠭᠤᠷᠪᠠᠨ ᠬᠡᠯᠡᠨ ᠦ ᠬᠠᠷᠢᠯᠴᠠᠨ ᠦᠵᠡᠭᠦᠯᠬᠦ ᠨᠦᠯᠦᠭᠡ ᠶᠢ ᠢᠯᠡᠷᠡᠭᠦᠯᠵᠦ᠂ ᠮᠣᠩᠭᠤᠯ ᠰᠤᠷᠤᠭᠴᠢᠳ ᠤᠨ ᠠᠩᠭ᠍ᠯᠢ ᠬᠡᠯᠡᠨ ᠦ ᠰᠤᠷᠤᠯᠴᠠᠯᠭ᠎ᠠ ᠳᠤ ᠰᠡᠩᠬᠡᠷᠡᠭᠦᠯᠦᠯ ᠪᠤᠯᠭᠠᠬᠤ ᠪᠠᠷ ᠵᠤᠷᠢᠭᠰᠠᠨ ᠪᠠᠢᠨ᠎ᠠ᠃
原文 查看原文
出自 中国蒙古学 2015年 第2期

联系我们


内蒙古大学图书馆
呼和浩特市大学西路235号
中国·内蒙古
P: (0471) 4992561
E: huangfeilong@imu.edu.cn