论文信息


题名 ᠪᠧᠨ᠋ᠽᠧᠨ᠋ᠲᠤ ᠡᠲ᠋ᠧᠨ (Styrene) — ᠭᠤᠷᠪᠠᠴᠢ ᠡᠲ᠋ᠢᠯ ᠠᠮᠢᠨ (Triethylamine) ᠬᠤᠯᠢᠮᠠᠭ ᠰᠢᠰᠲ᠋ᠧᠮ ᠦᠨ ᠭᠡᠷᠡᠯ ᠵᠢᠭᠰᠠᠯ ᠳᠤ ᠦᠵᠡᠭᠦᠯᠬᠦ ᠠᠭᠤᠰᠬᠠᠭᠴᠢ ᠶᠢᠨ ᠦᠢᠯᠡᠳᠦᠯ
作者 ᠰᠡᠴᠡᠨᠲᠤᠶᠠᠭ᠎ᠠ
关键词 ᠪᠧᠨ᠋ᠽᠧᠨ᠋ᠲᠤ ᠡᠲ᠋ᠧᠨ; ᠭᠤᠷᠪᠠᠴᠢ ᠡᠲ᠋ᠢᠯ ᠠᠮᠢᠨ; ᠴᠡᠭᠡᠨ ᠭᠡᠷᠡᠯ; ᠫᠷᠤᠲ᠋ᠤᠨ ᠴᠢᠨᠠᠷᠲᠠᠢ ᠠᠭᠤᠰᠬᠠᠭᠴᠢ
摘要 ᠪᠧᠨ᠋ᠽᠧᠨ᠋ᠲᠤ ᠡᠲ᠋ᠧᠨ (Styrene ᠳᠦᠭᠦᠮᠴᠢᠯᠡᠭᠡᠳ ST) — ᠭᠤᠷᠪᠠᠴᠢ ᠡᠲ᠋ᠢᠯ ᠠᠮᠢᠨ (Tniehylamine ᠳᠦᠭᠦᠮᠴᠢᠯᠡᠭᠡᠳ TEA) ᠬᠤᠯᠢᠮᠠᠭ ᠰᠢᠰᠲ᠋ᠧᠮ ᠦᠨ ᠰᠠᠴᠤᠷᠠᠯᠲᠠ ᠶᠢᠨ ᠭᠡᠷᠡᠯ ᠵᠢᠭᠰᠠᠯ (emission spectrum) ᠢ ᠳᠦᠷᠪᠡᠨ ᠤᠰᠤᠳᠦ᠋ᠷᠦᠭᠴᠢᠲᠦ ᠹᠦᠷᠡᠨ (Tetrahydurfuran ᠳᠦᠭᠦᠮᠴᠢᠯᠡᠭᠡᠳ THF) — ᠫᠷᠤᠲ᠋ᠤᠨ ᠴᠢᠨᠠᠷᠲᠠᠢ ᠠᠭᠤᠰᠬᠠᠭᠴᠢ ᠶᠢᠨ ᠬᠤᠯᠢᠮᠠᠭ ᠠᠭᠤᠰᠬᠠᠭᠴᠢ ᠳᠤᠲᠤᠷ᠎ᠠ ᠬᠡᠮᠵᠢᠵᠡᠢ᠃ ᠳ᠋ᠠᠩ ᠭᠠᠭᠴᠠ THF ᠳᠤᠲᠤᠷ᠎ᠠ ST-TEA ᠬᠤᠯᠢᠮᠠᠭ ᠰᠢᠰᠲ᠋ᠧᠮ ᠤᠨ ᠴᠡᠭᠡᠨ ᠭᠡᠷᠡᠯ ᠦᠨ ᠭᠡᠷᠡᠯ ᠵᠢᠭᠰᠠᠯ ᠨᠢ ᠬᠤᠶᠠᠷ ᠪᠦᠰᠡ ᠪᠡᠷ ᠪᠦᠷᠢᠯᠳᠦᠨ᠎ᠡ᠃ ᠳᠠᠷᠤᠢ ᠣᠷᠭᠢᠯ ᠨᠢ 304nm ᠦᠶᠡᠰ ᠲᠦ ᠪᠦᠰᠡ A (ST᠋ ᠶᠢᠨ ᠰᠠᠴᠤᠷᠠᠭᠤᠯᠤᠭᠰᠠᠨ ᠴᠡᠭᠡᠨ ᠭᠡᠷᠡᠯ) ᠪᠤᠯᠤᠨ ᠣᠷᠭᠢᠯ ᠨᠢ 460nm ᠦᠶᠡᠰ ᠲᠦ ᠪᠦᠰᠡ B (ᠢᠳᠡᠪᠬᠢᠵᠢᠭᠰᠡᠨ ᠪᠦᠯᠦᠭᠲᠦ ᠨᠡᠢᠯᠡᠮᠡᠯ ᠪᠤᠳᠠᠰ (Exciplex)᠋ ᠤᠨ ᠰᠠᠴᠤᠷᠠᠭᠤᠯᠤᠭᠰᠠᠨ ᠴᠡᠭᠡᠨ ᠭᠡᠷᠡᠯ) ᠪᠤᠯᠤᠨ᠎ᠠ᠃ THF - ᠫᠷᠤᠲ᠋ᠤᠨ ᠴᠢᠨᠠᠷᠲᠠᠢ ᠠᠭᠤᠰᠬᠠᠭᠴᠢ ᠶᠢᠨ ᠬᠤᠯᠢᠮᠠᠭ ᠠᠭᠤᠰᠬᠠᠭᠴᠢ ᠳᠤ ᠫᠷᠤᠲ᠋ᠤᠨ ᠴᠢᠨᠠᠷᠲᠠᠢ ᠠᠭᠤᠰᠬᠠᠭᠴᠢ ᠶᠢᠨ ᠬᠠᠷᠢᠴᠠᠯ ᠨᠢ ᠦᠨᠳᠦᠷ ᠪᠤᠯᠬᠤ ᠳᠤᠲᠤᠮ ᠪᠦᠰᠡ A᠋ ᠶᠢᠨ ᠬᠦᠴᠦᠯᠡᠴᠡ ᠨᠢ ᠶᠡᠬᠡᠰᠴᠦ᠂ ᠪᠦᠰᠡ B᠋ ᠶᠢᠨ ᠬᠦᠴᠦᠯᠡᠴᠡ ᠨᠢ ᠬᠠᠷᠢᠨ ᠪᠠᠭᠠᠰᠤᠨ᠎ᠠ᠃ ᠪᠦᠰᠡ A᠋ ᠶᠢᠨ ᠬᠦᠴᠦᠯᠡᠴᠡ ᠶᠢᠨ ᠨᠡᠮᠡᠭᠳᠡᠬᠦ ᠨᠢ ᠭᠤᠷᠪᠠᠴᠢ ᠡᠲ᠋ᠢᠯ ᠠᠮᠢᠨ ᠪᠤᠯᠤᠨ ᠫᠷᠤᠲ᠋ᠤᠨ ᠴᠢᠨᠠᠷᠲᠠᠢ ᠠᠭᠤᠰᠬᠠᠭᠴᠢ ᠶᠢᠨ ᠬᠤᠭᠤᠷᠤᠨᠳᠤ ᠤᠰᠤᠳᠦ᠋ᠷᠦᠭᠴᠢ ᠬᠤᠯᠪᠤᠭᠠᠰᠤ ᠪᠠᠷ ᠬᠤᠯᠪᠤᠭᠠᠰᠤᠯᠠᠬᠤ (ᠡᠰᠡᠭᠦᠯ ᠡ ᠫᠷᠤᠲ᠋ᠤᠨ ᠨᠡᠮᠡᠷᠢᠯᠡᠬᠦ) ᠡᠴᠡ ᠪᠤᠯᠵᠤ᠂ ᠠᠮᠢᠨ ᠤ ᠮᠤᠯᠧᠺᠦ᠋ᠯ ᠳᠡᠬᠢ ᠠᠽᠤᠲ᠋ ᠠᠲ᠋ᠤᠮ ᠤᠨ ᠡᠯᠧᠺᠲ᠋ᠷᠤᠨ ᠬᠠᠩᠭᠠᠬᠤ ᠴᠢᠨᠠᠷ ᠢᠶᠠᠨ ᠠᠯᠳᠠᠵᠤ᠂ ᠴᠢᠯᠦᠭᠡᠲᠦ ᠠᠮᠢᠨ ᠤ ᠦᠷᠦᠭᠡᠴᠡ ᠪᠠᠭᠠᠰᠬᠤ ᠶᠤᠮ᠃ ᠳᠠᠷᠤᠢ ᠢᠳᠡᠪᠬᠢᠵᠢᠭᠰᠡᠨ ᠪᠧᠨ᠋ᠽᠧᠨ᠋ᠲᠤ ᠡᠲ᠋ᠧᠨ ᠦ ᠭᠡᠷᠡᠯ ᠦᠭᠡᠶᠢᠰᠬᠦ (Quenching) ᠨᠢ ᠳᠠᠷᠤᠭᠳᠠᠬᠤ ᠠᠴᠠ ᠪᠤᠯᠤᠭᠰᠠᠨ ᠭᠡᠵᠦ ᠦᠵᠡᠵᠦ ᠪᠤᠯᠤᠨ᠎ᠠ᠃ ᠪᠦᠰᠡ B᠋ ᠶᠢᠨ ᠬᠦᠴᠦᠯᠡᠴᠡ ᠪᠠᠭᠠᠰᠤᠭᠰᠠᠨ ᠢ ᠫᠷᠤᠲ᠋ᠤᠨ ᠴᠢᠨᠠᠷᠲᠤ ᠠᠭᠤᠰᠬᠠᠭᠴᠢ ᠶᠢᠨ ᠬᠠᠷᠢᠴᠠᠯ ᠤᠨ ᠨᠡᠮᠡᠭᠳᠡᠬᠦ ᠶᠢ ᠳᠠᠭᠠᠯᠳᠤᠨ᠂ ᠴᠢᠯᠦᠭᠡᠲᠦ ᠠᠮᠢᠨ ᠤ ᠦᠷᠦᠭᠡᠴᠡ ᠨᠢ ᠪᠠᠭᠠᠰᠬᠤ ᠦᠢᠯᠡᠳᠦᠯ ᠪᠤᠯᠤᠨ ᠠᠭᠤᠰᠬᠠᠭᠴᠢ ᠶᠢᠨ ᠲᠤᠢᠯᠰᠢᠷᠠᠩᠭᠤᠢ ᠴᠢᠨᠠᠷ ᠢᠯᠡᠷᠬᠡᠢ ᠪᠤᠯᠬᠤ ᠤᠴᠢᠷ ᠠᠴᠠ᠂ ᠢᠳᠡᠪᠬᠢᠵᠢᠭᠰᠡᠨ ᠪᠦᠯᠦᠭᠲᠦ ᠨᠡᠢᠯᠡᠮᠡᠯ ᠪᠤᠳᠠᠰ ᠤᠨ ᠢᠶᠦᠨ ᠬᠤᠤᠰ ᠪᠤᠯᠵᠤ ᠬᠤᠪᠢᠷᠠᠭᠰᠠᠨ ᠢ ᠠᠭᠢᠭᠤᠯᠤᠭᠳᠠᠬᠤ ᠦᠢᠯᠡᠳᠦᠯ ᠦᠨ ᠳᠠᠪᠬᠤᠴᠠᠭᠰᠠᠨ ᠦᠢᠯᠡᠳᠦᠯ ᠡᠴᠡ ᠪᠤᠯᠤᠭᠰᠠᠨ ᠭᠡᠵᠦ ᠦᠵᠡᠵᠦ ᠪᠤᠯᠤᠨ᠎ᠠ᠃ ᠲᠤᠢᠯᠰᠢᠷᠠᠩᠭᠤᠢ ᠴᠢᠨᠠᠷ ᠤᠨ ᠦᠢᠯᠡᠳᠦᠯ ᠢ ᠠᠭᠤᠰᠤᠮᠠᠯ ᠤᠨ ᠬᠠᠷᠢᠴᠠᠩᠭᠤᠢ ᠴᠠᠬᠢᠯᠭᠠᠨ ᠳᠠᠮᠵᠢᠭᠤᠯᠤᠭᠴᠢ ᠶᠢᠨ ᠪᠠᠢᠩᠭᠤ ᠲᠤᠭ᠎ᠠ (RElative permittivity) ᠪᠠᠷ ᠢᠯᠡᠷᠭᠡᠶᠢᠯᠡᠵᠡᠢ᠃
原文 没有原文
出自 内蒙古师范大学学报(自然科学蒙古文版) 2011年 第4期

联系我们


内蒙古大学图书馆
呼和浩特市大学西路235号
中国·内蒙古
P: (0471) 4992561
E: huangfeilong@imu.edu.cn