题名 |
ᠠᠯᠢᠼᠢᠺᠠᠯᠺ ᠢ ᠮᠣᠩᠭᠤᠯᠴᠢᠯᠠᠬᠤ ᠲᠤᠬᠠᠢ ᠰᠤᠳᠤᠯᠤᠯ |
作者 |
ᠸᠠᠩ ᠲᠠᠢ ᠫᠢᠩ |
关键词 |
ᠠᠯᠺ(烃); ᠼᠢᠺᠠᠯᠺ(环烃); ᠠᠯᠢᠼᠢᠺᠠᠯᠺ(脂环烃); ᠬᠦᠦᠼᠢᠺᠠᠯᠺ(桥环烃); ᠱᠤᠷᠬᠠᠼᠢᠺᠠᠯᠺ(螺环烃); ᠬᠤᠷᠬᠠᠼᠢᠺᠠᠯᠺ(集合环烃); ᠰᠢᠬᠠᠯᠴᠠᠯᠼᠢᠺᠠᠯᠺ(稠环烃) |
摘要 |
ᠠᠯᠼᠢᠺᠠᠯᠺ ᠪᠤᠯ ᠠᠯᠺ ᠤᠨ ᠨᠢᠭᠡᠨ ᠶᠡᠬᠡ ᠲᠦᠷᠦᠯ ᠦᠨ ᠪᠤᠳᠠᠰ ᠪᠤᠯᠤᠨ᠎ᠠ᠃ ᠲᠡᠭᠦᠨ ᠳᠦ ᠭᠤᠤᠯᠳᠠᠭ᠋ᠤ ᠬᠦᠦᠼᠢᠺᠠᠯᠺ᠂ ᠱᠤᠷᠬᠠᠼᠢᠺᠠᠯᠺ᠂ ᠬᠤᠷᠬᠠᠼᠢᠺᠠᠯᠺ᠂ ᠰᠢᠬᠠᠯᠼᠢᠺᠠᠯᠺ ᠵᠡᠷᠭᠡ ᠲᠦᠷᠦᠯ ᠦᠨ ᠪᠤᠳᠠᠰ ᠪᠠᠭᠲᠠᠭᠳᠠᠨ᠎ᠠ᠃ ᠡᠳᠡᠭᠡᠷ ᠪᠤᠳᠠᠰ ᠤᠳ ᠢ ᠮᠣᠩᠭᠤᠯᠴᠢᠯᠠᠬᠤ ᠳᠤ᠂ ᠬᠢᠮᠢ ᠶᠢᠨ ᠪᠤᠳᠠᠰ ᠤᠳ ᠢ ᠨᠡᠷᠡᠯᠡᠬᠦ ᠣᠯᠠᠨ ᠤᠯᠤᠰ ᠤᠨ ᠨᠡᠷᠡᠯᠡᠬᠦ ᠵᠠᠷᠴᠢᠮ (IUPAC ᠵᠠᠷᠴᠢᠮ) ᠢ ᠦᠨᠳᠦᠰᠦᠯᠡᠵᠦ᠂ ᠮᠣᠩᠭᠤᠯ ᠬᠡᠯᠡᠨ ᠦ ᠨᠡᠷ᠎ᠡ ᠦᠭᠡ ᠪᠦᠲᠦᠬᠦ ᠶᠤᠰᠤ ᠲᠠᠢ ᠠᠮᠢᠳᠤᠯᠢᠭ ᠢᠶᠠᠷ ᠵᠤᠬᠢᠴᠠᠭ᠋ᠤᠯᠵᠤ᠂ ᠠᠯᠢᠼᠢᠺᠠᠯᠺ ᠤᠨ ᠲᠦᠷᠦᠯ ᠦᠨ ᠪᠤᠳᠠᠰ ᠪᠦᠬᠦᠨ ᠢ ᠪᠦᠬᠦ ᠲᠠᠯ᠎ᠠ ᠪᠠᠷ᠂ ᠰᠢᠰᠲ᠋ᠧᠮ ᠲᠡᠢ ᠪᠡᠷ᠂ ᠳᠦᠷᠢᠮᠵᠢᠭᠦᠨ᠂ ᠪᠦᠷᠢᠨ ᠭᠦᠢᠴᠡᠳ ᠮᠣᠩᠭᠤᠯᠴᠢᠯᠠᠭᠰᠠᠨ ᠶᠤᠮ᠃ ᠢᠩᠭᠢᠵᠦ ᠨᠡᠷᠡᠳᠴᠦ ᠣᠯᠣᠭᠰᠠᠨ ᠮᠣᠩᠭᠤᠯ ᠨᠡᠷᠡᠰ ᠤᠳ ᠮᠠᠨ ᠤ ᠮᠣᠩᠭᠤᠯ ᠦᠨᠳᠦᠰᠦᠲᠡᠨ ᠦ ᠲᠡᠦᠬᠡᠨ ᠳᠦ ᠤᠷᠢᠳ ᠶᠡᠷᠦ ᠭᠠᠷᠤᠭ᠋ᠠᠳᠤᠢ ᠴᠤ᠋ ᠰᠢᠨ᠎ᠡ ᠮᠣᠩᠭᠤᠯ ᠨᠡᠷᠡᠰ ᠦᠳ ᠪᠤᠯᠤᠨ᠎ᠠ᠃ ᠡᠢᠮᠦ ᠡᠴᠡ ᠣᠳᠣ ᠶᠢᠨ ᠪᠠᠢᠭ᠎ᠠ ᠮᠣᠩᠭᠤᠯ ᠲᠤᠯᠢ ᠪᠢᠴᠢᠭ ᠲᠦ ᠦᠯᠦ ᠲᠡᠮᠳᠡᠭᠯᠡᠭᠳᠡᠭᠡᠳᠦᠢ ᠰᠢᠨ᠎ᠡ ᠪᠡᠷ ᠡᠭᠦᠳᠦᠨ ᠪᠦᠲᠦᠭᠡᠭᠰᠡᠨ ᠴᠤ᠋ ᠰᠢᠨ᠎ᠡ ᠮᠣᠩᠭᠤᠯ ᠨᠡᠷᠡᠰ ᠤᠳ ᠪᠤᠯᠤᠨ᠎ᠠ᠃ |
原文 |
没有原文
|
出自 |
内蒙古民族大学学报(自然科学)
2001年
第2期
|