摘要 |
ᠬᠡᠩᠰᠡ ᠴᠢᠨ ᠸᠠᠩ(1697-1738) ᠪᠤᠯ ᠴᠢᠩ ᠤᠯᠤᠰ ᠤᠨ ᠡᠩᠬᠡ ᠠᠮᠤᠭ᠋ᠤᠯᠠᠩ ᠬᠠᠭ᠋ᠠᠨ ᠤ ᠠᠷᠪᠠᠨ ᠲᠤᠯᠤᠳᠤᠭ᠋ᠠᠷ ᠬᠦᠤ ᠶᠦᠨ ᠯᠢ ᠪᠤᠯᠤᠨᠠ᠃ ᠲᠡᠷᠡ ᠡᠩᠭᠡ ᠠᠮᠤᠭ᠋ᠤᠯᠠᠩ᠂ ᠨᠠᠢᠷᠠᠯᠳᠤ ᠲᠦᠪ᠂ ᠲᠡᠭᠷᠢ ᠲᠡᠳᠭᠦᠭᠴᠢ ᠭᠤᠷᠪᠠᠨ ᠬᠠᠭ᠋ᠠᠨ ᠤ ᠦᠶᠡ ᠪᠠᠷ ᠠᠮᠢᠳᠤᠷᠠᠵᠦ ᠪᠠᠢᠭᠰᠠᠨ ᠪᠦᠭᠡᠳ ᠨᠢᠭᠡ ᠨᠠᠰᠤᠨ ᠳ᠋ᠠᠭ᠋ᠨᠠ ᠵᠠᠷᠭᠡ ᠭᠡᠷᠭᠡᠮ ᠶᠡᠭᠡᠮ ᠪᠤᠷᠬᠠᠨ ᠱᠠᠰᠢᠨ ᠤ ᠰᠢᠳᠤᠷᠭ᠋ᠤ ᠰᠦᠰᠤᠭᠳᠡᠨ ᠶᠤᠮ᠃ ᠲᠡᠷᠡ ᠡᠷᠳᠡᠮ ᠨᠤᠮ ᠳᠤ ᠨᠡᠪᠳᠠᠷᠡᠵᠦ ᠮᠠᠨᠵᠦ ᠂ ᠮᠤᠩᠭᠤᠯ ᠬᠢᠳᠡᠳ ᠲᠦᠪᠡᠳ ᠬᠡᠯᠨᠡ ᠳᠤ ᠴᠠᠭ᠋ᠠᠷᠠᠭᠰᠠᠨ ᠪᠠᠢᠳᠠᠭ᠃ ᠤᠨᠴᠠᠭ᠋ᠠᠢᠯᠠᠨ ᠪᠤᠷᠬᠠᠨ ᠱᠠᠰᠢᠨ ᠳᠤ ᠶᠡᠭᠡᠳᠡ ᠰᠦᠰᠤᠭᠯᠡᠨ᠂ 18ᠳ᠋ᠤᠭ᠋ᠠᠷ ᠵᠠᠭ᠋ᠤᠨ ᠤ ᠡᠬᠢᠨ ᠤ ᠦᠶᠡ ᠪᠡᠷ ᠤᠯᠠᠨ ᠬᠡᠯᠡᠮᠤᠷᠴᠢ ᠵᠢ ᠵᠤᠬᠢᠶᠠᠨ ᠪᠠᠢᠭ᠋ᠤᠯᠵᠦ ᠲᠦᠪᠡᠳ ᠪᠤᠷᠬᠠᠨ ᠱᠠᠰᠢᠨ ᠤᠨ ᠨᠤᠮ ᠰᠤᠳᠤᠷ ᠢ ᠮᠤᠩᠭᠤᠯ ᠬᠡᠯᠡ ᠪᠡ ᠮᠠᠨᠵᠦ ᠬᠡᠯᠡᠨ ᠳᠤ ᠤᠷᠴᠢᠭ᠋ᠤᠯᠬᠤ ᠶᠢᠨ ᠲᠠᠭ᠋ᠤ ᠪᠤᠰᠤᠨ ᠪᠤᠷᠬᠠᠨ ᠱᠠᠰᠢᠨ ᠤ ᠨᠤᠮ ᠰᠤᠳᠤᠷ ᠢ ᠴᠤᠭᠯᠠᠭ᠋ᠤᠯᠤᠨ ᠦᠪᠡᠷ ᠤᠨ ᠲᠠᠮᠠᠭᠠ ᠰᠠᠯᠳᠡ ᠪᠠᠨ ᠲᠠᠷᠤᠵᠦ ᠬᠤᠪᠢ ᠶᠢᠨ ᠬᠠᠳᠠᠭ᠋ᠠᠯᠠᠮᠵᠢ ᠳ᠋ᠠᠭ᠋ᠠᠨ ᠬᠠᠳᠠᠭ᠋ᠠᠯᠠᠪᠠ᠃ ᠡᠬᠦᠨ ᠢ ᠬᠤᠵᠢᠮ ᠤᠨ ᠬᠦᠮᠤᠰ《 ᠬᠡᠩᠰᠡ ᠴᠢᠨ ᠸᠠᠩ ᠤᠨ ᠬᠠᠳᠠᠭ᠋ᠠᠯᠠᠮᠵᠢ》 ᠬᠡᠳᠡᠭ᠃ ᠦᠬᠦᠯᠡᠯ ᠳᠤ ᠂ᠬᠡᠩᠰᠡ ᠴᠢᠨ ᠸᠠᠩ ᠤᠨ ᠨᠠᠮᠳᠠᠷ ᠲᠡᠤᠭᠡ ᠪᠠ ᠲᠡᠬᠦᠨ ᠤ ᠬᠠᠳᠠᠭ᠋ᠠᠯᠠᠮᠵᠢ ᠳ᠋ᠡᠬᠢ ᠪᠤᠷᠬᠠᠨ ᠱᠠᠰᠢᠨ ᠤᠨ ᠨᠤᠮ ᠰᠤᠳᠤᠷ ᠤᠨ ᠤᠯᠤᠰ ᠤᠨ ᠭᠠᠳᠠᠭ᠋ᠠᠳᠤ ᠲᠤᠳᠤᠭ᠋ᠠᠳᠤ ᠳᠤ ᠬᠠᠳᠠᠭ᠋ᠯᠠᠭᠳᠠᠵᠦ ᠪᠠᠢᠭᠠ ᠪᠠᠢᠳᠠᠯ ᠢ ᠶᠡᠷᠦᠩᠬᠡᠢ ᠳ᠋ᠤᠨ᠋ᠢ ᠲᠨᠢᠯᠴᠠᠭ᠋ᠤᠯᠬᠤ ᠵᠢ ᠵᠤᠷᠢᠪᠠ᠃ |