摘要 |
ᠲᠤᠰ ᠦᠭᠦᠯᠡᠯ ᠳᠦ ᠶᠠᠫᠤᠨ ᠤ ᠮᠣᠩ᠋ᠭᠤᠯᠴᠢ ᠡᠷᠳᠡᠮᠲᠡᠨ ᠤᠺᠠᠳᠠ ᠶᠢᠨ ᠰᠤᠳᠤᠯᠤᠯ ᠤᠨ ᠰᠠᠭᠤᠷᠢᠨ ᠳᠡᠭᠡᠷ᠎ᠡ ᠣᠷᠳᠤᠰ ᠲᠦᠮᠡᠨ ᠦ ᠡᠷᠲᠡᠨ ᠦ ᠲᠡᠦᠬᠡ ᠶᠢᠨ ᠬᠡᠳᠦᠨ ᠠᠰᠠᠭᠤᠳᠠᠯ ᠳᠤ ᠴᠢᠨᠠᠭᠰᠢᠲᠠ ᠰᠢᠨᠵᠢᠯᠡᠯ ᠬᠢᠵᠡᠢ᠃ 15᠋ ᠳᠤᠭᠠᠷ ᠵᠠᠭᠤᠨ ᠤ ᠳᠤᠮᠳᠠᠴᠢ ᠪᠠᠷ ᠪᠦᠷᠢᠯᠳᠦᠭᠰᠡᠨ ᠣᠷᠳᠤᠰ ᠲᠦᠮᠡᠨ ᠦ ᠭᠤᠤᠯ ᠴᠤᠭᠴᠠ ᠪᠤᠯ ᠤᠤᠯ ᠤᠨ ᠴᠢᠩᠭᠢᠰ ᠬᠠᠨ ᠤ ᠤᠷᠲᠤ ᠨᠤᠭᠤᠳ ᠤᠨ ᠬᠠᠷᠢᠶᠠᠲᠤ ᠢᠷᠭᠡᠳ ᠦᠨ ᠬᠤᠢ᠌ᠴᠢᠰ᠃ ᠲᠠᠶᠤᠨ ᠬᠠᠭᠠᠨ ᠤ ᠳᠡᠭᠡᠳᠦᠰ ᠠᠭᠪᠠᠷᠵᠢᠨ ᠵᠢᠨᠦᠩ᠂ ᠪᠠᠶᠠᠨᠮᠦ᠋ᠩᠬᠡ ᠪᠤᠯᠬᠤ ᠵᠢᠨᠦᠩ ᠨᠠᠷ ᠪᠤᠯ ᠣᠷᠳᠤᠰ ᠲᠦᠮᠡᠨ ᠦ ᠬᠠᠮᠤᠭ ᠠᠩ᠋ᠬᠠᠨ ᠤ ᠨᠤᠶᠠᠯᠠᠭᠴᠢᠳ᠃ ᠲᠡᠳᠡᠨ ᠦ ᠵᠢᠨᠦᠩ ᠴᠤᠯᠠ ᠨᠢ ᠦᠨ ᠤᠯᠤᠰ ᠤᠨ ᠦᠶ᠎ᠡ ᠳᠦ ᠴᠢᠩᠭᠢᠰ ᠬᠠᠨ ᠤ ᠳᠦᠷᠪᠡᠨ ᠶᠡᠬᠡ ᠤᠷᠲᠤ ᠶᠢ ᠨᠤᠶᠠᠯᠠᠵᠤ ᠪᠠᠢ᠌ᠭᠰᠠᠨ ᠵᠢᠨ ᠤᠩ ᠴᠤᠯᠠ ᠠᠴᠠ ᠢᠷᠡᠯᠲᠡᠢ᠃ 16᠋ ᠳᠤᠭᠠᠷ ᠵᠠᠭᠤᠨ ᠤ ᠡᠬᠢᠨ ᠳᠦ ᠲᠠᠶᠤᠨ ᠬᠠᠭᠠᠨ ᠦᠪᠡᠷᠦᠨ ᠬᠦᠪᠡᠭᠦᠨ ᠤᠯᠤᠰᠪᠤᠯᠤᠳ ᠢ ᠵᠢᠨᠦᠩ ᠡᠷᠭᠦᠮᠵᠢᠯᠡᠵᠦ ᠣᠷᠳᠤᠰ ᠲᠦᠮᠡᠨ ᠳᠦ ᠲᠤᠮᠢᠯᠠᠭᠰᠠᠨ ᠨᠢ ᠳᠡᠭᠡᠳᠦᠰ ᠨᠠᠷ ᠤᠨ ᠢᠶᠠᠨ ᠹᠧᠤᠳᠠᠯ ᠡᠵᠡᠮᠰᠢᠯ (ᠤᠯᠤᠰ)᠋ ᠢ ᠰᠡᠷᠭᠦᠭᠡᠬᠦ ᠶᠢᠨ ᠲᠦᠯᠦᠭᠡ᠃ ᠪᠠᠷᠠᠭᠤᠨ ᠭᠤᠷᠪᠠᠨ ᠲᠦᠮᠡᠨ ᠦ ᠤᠷᠪᠠᠯᠭᠠᠨ ᠶᠠᠭ ᠡᠭᠦᠨ ᠡᠴᠡ ᠰᠢᠯᠲᠠᠭᠠᠯᠠᠭᠳᠠᠵᠤ ᠡᠭᠦᠰᠴᠡᠢ᠃ ᠮᠣᠩ᠋ᠭᠤᠯ ᠰᠤᠷᠪᠤᠯᠵᠢᠰ ᠲᠤ ᠣᠷᠳᠤᠰ ᠲᠦᠮᠡᠨ ᠢ 《ᠨᠠᠢᠮᠠᠨ ᠤᠲᠤᠭ ᠣᠷᠳᠤᠰ》ᠬᠡᠮᠡᠨ ᠨᠡᠷᠡᠯᠡᠳᠡᠭ ᠨᠢ 16᠋ ᠳᠤᠭᠠᠷ ᠵᠠᠭᠤᠨ ᠤ ᠳᠤᠮᠳᠠᠴᠢ ᠦᠶ᠎ᠡ ᠶᠢᠨ ᠣᠷᠳᠤᠰ ᠲᠦᠮᠡᠨ ᠦ ᠪᠦᠷᠢᠯᠳᠦᠴᠡ ᠶᠢ ᠲᠤᠰᠬᠠᠵᠠᠢ᠃ |