| 题名 | 
                ᠡᠸᠡᠩᠬᠢ ᠬᠡᠯᠡ ᠪᠠ ᠮᠣᠩᠭ᠋ᠤᠯ ᠬᠡᠯᠡ ᠤ ᠬᠠᠮᠢᠶᠠᠳᠠᠭᠤᠯᠬᠤ ᠠᠢ ᠶᠢᠨ ᠬᠠᠷᠢᠴᠠᠭᠤᠯᠤᠯ | 
            
            
                | 作者 | 
                 ᠳ᠋ᠣᠺᠲ᠋ᠤᠷ᠂ ᠫᠷᠣᠹᠸᠰᠰᠤᠷ ᠳ᠂ᠰᠸᠷᠠᠨᠪᠠᠳᠤ | 
            
            
                | 关键词 | 
                ᠡᠸᠡᠩᠬᠢ ᠬᠡᠯᠡ ;ᠮᠣᠩᠭ᠋ᠤᠯ ᠬᠡᠯᠡ; ᠬᠠᠮᠢᠶᠠᠳᠠᠭᠤᠯᠬᠤ ᠠᠢ | 
            
            
                | 摘要 | 
                ᠡᠸᠡᠩᠬᠢ ᠬᠡᠯᠡ ᠪᠣᠯ ᠠᠯᠳᠠᠢ ᠢᠵᠠᠭᠤᠷ ᠬᠡᠯᠡᠨ ᠤ ᠮᠠᠨᠵᠤ—ᠲᠦᠩᠭᠦᠰ ᠲᠦᠷᠦᠯ ᠬᠡᠯᠡᠨ ᠤ ᠰᠠᠯᠪᠤᠷᠢ  ᠶᠢᠨ ᠤᠮᠠᠷᠠᠳᠤ ᠰᠠᠯᠪᠤᠷᠢ  ᠳᠤ ᠪᠠᠭᠲᠠᠬᠤ ᠬᠡᠯᠡ ᠪᠣᠯᠤᠨ᠌ ᠠ᠃ᠡᠸᠡᠩᠬᠢ ᠬᠡᠯᠡ  ᠨᠢ ᠮᠣᠩᠭ᠋ᠤᠯ ᠬᠡᠯᠡ  ᠲᠠᠢ ᠨᠢᠭᠡ ᠢᠭᠠᠭᠤᠷᠲᠤ ᠬᠡᠯᠡᠨ ᠤ ᠠᠳᠠᠯᠢ ᠪᠣᠰᠤ ᠶᠢᠨ ᠲᠦᠷᠦᠯ ᠬᠡᠯᠡᠨ ᠳᠤ ᠬᠠᠷᠢᠶᠠᠯᠠᠭᠳᠠᠬᠤ ᠪᠣᠯᠪᠠᠴᠤ ᠮᠣᠩᠭ᠋ᠤᠯ ᠬᠡᠯᠡ ᠲᠠᠢ ᠨᠡᠢᠢᠲᠡᠯᠢᠭ ᠣᠨᠴᠠᠯᠢᠭ ᠪᠦᠬᠦᠢ ᠵᠦᠢᠯ ᠨᠡᠢᠯᠶᠡᠳ ᠣᠯᠠᠨ ᠪᠠᠢᠢᠬᠤ ᠪᠦᠭᠡᠳ ᠦᠪᠡᠷᠮᠢᠴᠡ ᠣᠨᠴᠠᠯᠢᠭ ᠲᠠᠢ ᠵᠦᠢᠯ ᠤᠳ ᠢᠢᠡᠨ ᠬᠠᠳᠠᠭᠠᠯᠠᠵᠤ ᠪᠠᠢᠢᠭ᠋᠋ ᠠ ᠶᠣᠮ᠃ ᠦᠭᠦᠯᠡᠯ ᠳᠤ ᠡᠸᠡᠩᠬᠢ ᠬᠡᠯᠡ ᠪᠡ ᠮᠣᠩᠭ᠋ᠤᠯ ᠬᠡᠯᠡᠨ ᠤ ᠬᠠᠮᠢᠶᠠᠳᠠᠭᠤᠯᠬᠤ ᠠᠢ ᠶᠢᠨ ᠲᠠᠭᠠᠪᠤᠷᠢ ᠨᠤᠭᠤᠳ ᠤᠨ ᠢᠯᠡᠳᠭᠡᠬᠦ ᠤᠳᠬ ᠠ᠂ ᠪᠦᠷᠢᠯᠳᠦᠭᠦᠨ ᠪᠠ ᠬᠠᠷᠤᠯ ᠢᠷᠡᠯ ᠤᠨ ᠲᠣᠬᠠᠢ ᠬᠠᠷᠢᠴᠠᠭᠤᠯᠤᠨ ᠰᠢᠨᠵᠢᠯᠡᠭᠡᠳ ᠡᠳᠡᠭᠡᠷ ᠲᠠᠭᠠᠪᠤᠷᠢ ᠨᠤᠭᠤᠳ ᠤᠨ ᠠᠪᠢᠶᠠᠨ ᠤ ᠵᠠᠷᠢᠮ ᠲᠣᠬᠢᠷᠠᠯᠴᠠᠭ᠋ ᠠ ᠵᠢ ᠨᠢ ᠢᠯᠡᠷᠡᠭᠦᠯᠭᠨ ᠭᠠᠷᠭᠠᠵᠤ᠂ ᠤᠯᠠᠷᠢᠯ ᠬᠣᠪᠢᠷᠠᠯ ᠤᠨ ᠵᠢᠮ ᠠ ᠬᠠᠤᠯᠢ ᠵᠢ ᠨᠢ ᠡᠷᠢᠨ ᠰᠦᠪᠡᠭ᠍ᠴᠢᠯᠡᠵᠦ᠂ ᠬᠠᠷᠢᠴᠠᠭ᠋ ᠠ ᠬᠣᠯᠪᠤᠭ᠋ ᠠ ᠵᠢ ᠨᠢ ᠤᠯᠠᠮ ᠲᠣᠳᠤᠷᠠᠭᠤᠯᠤᠨ᠂ ᠠᠯᠳᠠᠢ ᠬᠡᠯᠡᠨ ᠤ ᠰᠣᠳᠣᠯᠣᠯ ᠤᠨ ᠦᠢᠯᠡᠰ ᠲᠤ ᠨᠡᠮᠡᠷᠢ ᠪᠣᠯᠭᠠᠬᠤ ᠵᠢ ᠵᠣᠷᠢᠪᠠ᠃ | 
            
            
                | 原文 | 
                
                    
                    查看原文
                    
                 | 
            
          
            | 出自 | 
            
              内蒙古社会科学(蒙文版)
              2010年
               第3期
             |