题名 |
《ᠬᠤᠷᠴᠢᠨ ᠠᠷᠠᠳ ᠤᠨ ᠲᠠᠭᠤᠤ》 ᠳᠡᠬᠢ ᠤᠯᠠᠨ ᠲᠠᠯᠠᠳᠤ ᠰᠤᠶᠤᠯ ᠤᠨ ᠤᠳᠬ᠎ᠠ ᠵᠦᠢ ᠶᠢᠨ ᠵᠠᠳᠠᠯᠤᠯᠳᠠ(ᠬᠤᠶᠠᠷ) |
作者 |
ᠭ᠍ • ᠬᠠᠢ᠌ᠷᠬᠠᠨ |
关键词 |
ᠬᠤᠷᠴᠢᠨ ᠠᠷᠠᠳ ᠤᠨ ᠲᠠᠭᠤᠤ; ᠤᠯᠠᠨ ᠲᠠᠯᠠᠳᠤ ᠰᠤᠶᠤᠯ; ᠤᠢ᠌ᠯᠠᠭᠠᠯᠳᠠ |
摘要 |
ᠬᠤᠷᠴᠢᠨ ᠠᠷᠠᠳ ᠤᠨ ᠲᠠᠭᠤᠤ ᠨᠢ ᠶᠠᠭᠤᠨ ᠤ ᠡᠮᠦᠨ᠎ᠡ᠂19 ᠳ᠋ᠤᠭᠡᠷ ᠵᠠᠭᠤᠨ ᠤ ᠰᠡᠭᠦᠯᠴᠢ᠂ 20 ᠳ᠋ᠤᠭᠠᠷ ᠵᠠᠭᠤᠨ ᠤ ᠡᠬᠢᠨ ᠶᠢᠡᠷ ᠵᠡᠭᠦᠨ ᠮᠤᠩᠭ᠋ᠤᠯ ᠳᠤ ᠶᠠᠪᠤᠭᠳᠠᠭᠰᠠᠨ ᠨᠡᠢ᠌ᠭᠡᠮ ᠲᠡᠦᠬᠡ ᠶᠢᠨ ᠬᠤᠪᠢᠰᠤᠯ ᠪᠠ ᠠᠵᠤ ᠠᠬᠤᠢ ᠶᠢᠨ ᠴᠢᠬᠤᠯᠠ ᠬᠤᠪᠢᠷᠠᠯᠳᠠ ᠶᠢ ᠲᠤᠰᠬᠠᠭᠰᠠᠨ《ᠠᠮᠠᠨ ᠲᠡᠦᠬᠡ》ᠪᠤᠯᠤᠨ᠎ᠠ᠃ ᠬᠤᠷᠴᠢᠨ ᠤ ᠨᠡᠢ᠌ᠭᠡᠮ ᠰᠤᠶᠤᠯ ᠤᠨ ᠬᠤᠪᠢᠰᠤᠯ ᠢ ᠰᠤᠳᠤᠯᠬᠤ ᠳᠤ ᠶᠠᠷᠢᠶᠠᠨ ᠦᠭᠡᠢ ᠬᠤᠯᠪᠤᠭᠳᠠᠬᠤ ᠲᠡᠦᠬᠡ ᠰᠤᠷᠪᠤᠯᠵᠢ ᠬᠢᠭᠡᠳ ᠤᠷᠤᠨ ᠨᠤᠳᠤᠭ ᠤᠨ ᠤᠢ᠌ᠯᠠᠪᠤᠷᠢ ᠴᠢᠬᠤᠯᠠ ᠰᠤᠳᠤᠯᠤᠭᠳᠠᠬᠤᠨ ᠪᠤᠯᠬᠤ ᠶᠤᠰᠤ ᠲᠠᠢ᠃ ᠭᠡᠪᠡᠴᠦ ᠲᠡᠳᠡᠭᠡᠷ ᠡᠴᠡ ᠭᠠᠳᠠᠨ᠎ᠠ ᠲᠤᠬᠠᠢ ᠶᠢᠨ ᠦᠶ᠎ᠡ ᠶᠢᠨ ᠠᠷᠭᠢᠪ ᠪᠤᠯᠤᠨ ᠨᠤᠳᠤᠭ ᠤᠨ ᠠᠶᠠᠯᠭᠤ ᠵᠢᠴᠢ ᠠᠷᠠᠳ ᠤᠨ ᠲᠤᠮᠳᠠᠬᠢ ᠰᠤᠶᠤᠯ ᠢ ᠴᠤ ᠭᠦᠢᠴᠡᠳ ᠠᠰᠢᠭᠯᠠᠨ ᠰᠢᠨᠵᠢᠯᠡᠪᠡᠯ ᠵᠦᠢ ᠲᠠᠢ᠃ ᠤᠢ᠌ᠷ᠎ᠠ ᠶᠢᠨ ᠬᠡᠳᠦᠨ ᠵᠢᠯ ᠳᠤ ᠬᠤᠷᠴᠢᠨᠴᠤᠳ ᠤᠨ ᠨᠡᠢ᠌ᠭᠡᠮ ᠰᠤᠶᠤᠯ ᠤᠨ ᠬᠤᠪᠢᠰᠤᠯ ᠢ ᠰᠤᠳᠤᠯᠤᠭᠰᠠᠨ ᠲᠡᠦᠬᠡ ᠪᠤᠶᠤ ᠦᠨᠳᠦᠰᠦᠳᠡᠨ ᠤ ᠤᠬᠠᠭᠠᠨ ᠤ ᠵᠤᠬᠢᠶᠠᠯ ᠪᠦᠳᠦᠭᠡᠯ ᠨᠡᠯᠢᠶᠡᠳ ᠬᠡᠳᠦ ᠭᠠᠷᠤᠭᠰᠠᠨ ᠪᠠᠢ᠌ᠨ᠎ᠠ᠃ ᠭᠡᠪᠡᠴᠦ ᠠᠷᠠᠳ ᠤᠨ ᠲᠠᠭᠤᠤ ᠶᠢᠨ ᠰᠤᠳᠤᠯᠭᠠᠨ ᠳᠤ ᠡᠨᠡ ᠲᠠᠯ᠎ᠠ ᠪᠡᠷ ᠲᠤᠰᠬᠠᠢ ᠰᠡᠳᠦᠪ ᠶᠢᠡᠷ ᠭᠦᠨᠵᠡᠭᠡᠢ᠌ᠷᠡᠵᠦ ᠰᠤᠳᠤᠯᠬᠤ ᠨᠢ ᠪᠠᠰᠠ ᠨᠢᠭᠡᠨ ᠴᠢᠬᠤᠯᠠ ᠰᠤᠳᠤᠯᠭᠠᠨ ᠤ ᠬᠦᠷᠢᠶ᠎ᠡ ᠴᠠᠷᠠᠭ᠎ᠠ ᠶᠢ ᠨᠡᠭᠡᠭᠡᠬᠦ ᠶᠠᠪᠤᠳᠠᠯ ᠪᠤᠯᠤᠨ᠎ᠠ᠃ |
原文 |
查看原文
|
出自 |
中国蒙古学
2015年
第6期
|