摘要 |
ᠲᠤᠰ ᠦᠭᠦᠯᠡᠯ ᠪᠤᠷᠢᠶᠠᠳ ᠭᠡᠰᠡᠷ ᠢ ᠪᠤᠰᠤᠳ ᠮᠣᠩᠭ᠋ᠤᠯ ᠭᠡᠰᠡᠷ ᠦᠨ ᠲᠤᠭᠤᠵᠢᠰ ᠲᠠᠢ ᠬᠠᠷᠢᠴᠠᠭᠤᠯᠤᠭᠰᠠᠨ ᠤ ᠰᠠᠭᠤᠷᠢᠨ ᠳᠡᠭᠡᠷ᠎ᠡ ᠪᠤᠷᠢᠶᠠᠳ ᠭᠡᠰᠡᠷ ᠦᠨ ᠦᠪᠡᠷᠮᠢᠴᠡ ᠰᠢᠨᠵᠢ ᠶᠢ ᠭᠤᠷᠪᠠᠨ ᠲᠠᠯ᠎ᠠ ᠪᠠᠷ ᠳᠤᠷᠠᠳᠤᠨ ᠭᠠᠷᠭᠠᠵᠠᠢ᠃ ᠡᠨᠡ ᠨᠢ ᠪᠤᠷᠢᠶᠠᠳ ᠭᠡᠰᠡᠷ ᠲᠦ ᠨᠡᠪᠲᠡᠷᠡᠭᠰᠡᠨ ᠪᠦᠬᠡ ᠶᠢᠨ ᠱᠠᠰᠢᠨ ᠤ ᠨᠦᠯᠦᠭᠡ ᠪᠡ ᠶᠡᠷᠡ ᠶᠢᠰᠦᠨ ᠲᠡᠭᠷᠢᠰ ᠦᠨ ᠪᠦᠬᠦ ᠵᠤᠬᠢᠶᠠᠯ ᠤᠨ ᠬᠦᠭ᠍ᠵᠢᠯ ᠳᠦ ᠦᠵᠡᠭᠦᠯᠦᠭᠰᠡᠨ ᠴᠢᠬᠤᠯᠠ ᠦᠢᠯᠡᠳᠦᠯ; ᠡᠬᠡ ᠶᠢᠨ ᠡᠷᠬᠡᠲᠦ ᠶᠤᠰᠤᠨ ᠤ ᠦᠯᠡᠳᠡᠭᠳᠡᠯ ᠪᠤᠯᠤᠭᠰᠠᠨ ᠡᠮ᠎ᠡ ᠬᠦᠢᠰᠦᠲᠡᠨ ᠢ ᠡᠷᠬᠢᠮᠯᠡᠨ ᠰᠢᠲᠦᠬᠦ ᠤᠬᠠᠮᠰᠠᠷ; ᠪᠠᠯᠠᠷᠯᠢᠭ ᠦᠶ᠎ᠡ ᠶᠢᠨ ᠠᠵᠤ ᠠᠬᠤᠢ ᠶᠢᠨ ᠪᠦᠲᠦᠴᠡ ᠶᠢ ᠳᠤᠰᠬᠠᠭᠰᠠᠨ ᠠᠩᠨᠠᠯ ᠤᠨ ᠰᠤᠶᠤᠯ ᠤᠨ ᠠᠭᠰᠢᠭᠤᠨ ᠠᠭᠤᠷ ᠠᠮᠢᠰᠬᠤᠯ ᠵᠡᠷᠭᠡ ᠪᠤᠯᠤᠨ᠎ᠠ᠃ ᠬᠡᠷᠪᠡ ᠮᠣᠩᠭ᠋ᠤᠯ ᠭᠡᠰᠡᠷ ᠢ ᠶᠡᠷᠦᠩᠬᠡᠢ ᠳᠦᠨᠢ ᠲᠦᠪᠡᠳ ᠭᠡᠰᠡᠷ ᠡᠴᠡ ᠢᠷᠡᠯᠲᠡᠢ ᠭᠡᠵᠦ ᠦᠵᠡᠪᠡᠯ᠂ ᠪᠤᠷᠢᠶᠠᠳ ᠭᠡᠰᠡᠷ ᠢ ᠬᠠᠷᠢᠨ ᠬᠠᠮᠤᠭ ᠤᠨ ᠮᠣᠩᠭ᠋ᠤᠯᠵᠢᠭᠰᠠᠨ ᠭᠡᠰᠡᠷ ᠬᠡᠮᠡᠯᠲᠡᠢ᠃ ᠠᠯᠢ ᠡᠰᠡᠭᠦᠯ᠎ᠡ ᠲᠦᠪᠡᠳ ᠭᠡᠰᠡᠷ ᠡᠴᠡ ᠶᠠᠮᠠᠷ ᠨᠢᠭᠡᠨ ᠰᠡᠲᠦᠮᠵᠢ ᠰᠡᠩᠬᠡᠷᠡᠭᠦᠯᠦᠯ ᠣᠯᠵᠤ ᠮᠣᠩᠭ᠋ᠤᠯᠴᠤᠳ ᠤᠨ ᠦᠪᠡᠷ ᠢᠶᠡᠨ ᠲᠤᠭᠤᠷᠪᠢᠭᠰᠠᠨ ᠵᠤᠬᠢᠶᠠᠯ ᠭᠡᠵᠦ ᠬᠡᠯᠡᠵᠦ ᠴᠦ ᠪᠤᠯᠬᠤ ᠶᠤᠮ᠃ ᠪᠤᠷᠢᠶᠠᠳ ᠭᠡᠰᠡᠷ ᠪᠤᠯ ᠣᠪᠤᠭ ᠤᠨ ᠪᠠᠢ᠌ᠭᠤᠯᠤᠯ ᠤᠨ ᠣᠯᠪᠠᠭ᠎ᠠ ᠪᠤᠯᠤᠨ ᠠᠩᠨᠠᠯ ᠤᠨ ᠰᠤᠶᠤᠯ ᠤᠨ ᠣᠨᠴᠠᠯᠢᠭ ᠢ ᠢᠯᠡᠳᠲᠡ ᠬᠠᠲᠠᠭᠠᠯᠠᠭᠰᠠᠨ᠂ ᠮᠣᠩᠭ᠋ᠤᠯᠴᠤᠳ ᠤᠨ ᠪᠠᠯᠠᠷᠯᠢᠭ ᠱᠠᠰᠢᠨ ᠤ ᠨᠦᠯᠦᠭᠡ ᠮᠡᠳᠡᠭᠳᠡᠬᠦᠢ᠌ᠴᠡ ᠨᠡᠪᠲᠡᠷᠡᠭᠰᠡᠨ᠂ ᠦᠪᠡᠷ ᠦᠨ ᠤᠷᠠᠯᠢᠭ ᠤᠨ ᠪᠦᠲᠦᠴᠡ ᠲᠡᠢ ᠂ ᠭᠤᠤ᠎ᠠ ᠰᠠᠶᠢᠬᠠᠨ ᠤ ᠦᠪᠡᠷᠮᠢᠴᠡ ᠦᠩᠭᠡ ᠲᠡᠢ ᠪᠦᠲᠦᠭᠡᠯ ᠮᠦᠨ ᠭᠡᠵᠦ ᠦᠵᠡᠭᠰᠡᠨ ᠪᠠᠢ᠌ᠨ᠎ᠠ᠃ |