题名 |
ᠭᠤᠮᠢᠨᠳᠠᠩ ᠤᠨ ᠨᠣᠶᠠᠷᠬᠠᠯ ᠤᠨ ᠬᠤᠭᠤᠴᠠᠭᠠᠨ ᠳ᠋ᠡᠬᠢ ᠦᠪᠦᠷ ᠮᠣᠩᠭ᠋ᠤᠯ ᠤᠨ ᠴᠢᠭᠤᠯᠭᠠᠨ ᠬᠤᠰᠢᠭᠤᠨ ᠤ ᠵᠠᠰᠠᠭ ᠵᠠᠬᠢᠷᠭᠠᠨ ᠤ ᠪᠠᠢᠢᠭᠤᠯᠤᠮᠵᠢ ᠶᠢᠨ ᠬᠣᠪᠢᠷᠠᠯ |
作者 |
ᠪᠦᠬᠡᠴᠢᠯᠠᠭᠤ〔ᠬᠦᠬᠡᠬᠤᠲᠠ010051〕 |
关键词 |
ᠭᠤᠮᠢᠨᠳᠠᠩ ᠤᠨ ᠨᠣᠶᠠᠷᠬᠠᠯ; ᠴᠢᠭᠤᠯᠭᠠᠨ ᠬᠤᠰᠢᠭᠤ; ᠮᠣᠵᠢ ᠰᠢᠶᠠᠨ; ᠵᠠᠰᠠᠭ ᠵᠠᠬᠢᠷᠭᠠᠨ ᠤ ᠪᠠᠢᠢᠭᠤᠯᠤᠮᠵᠢ |
摘要 |
ᠭᠤᠮᠢᠨᠳᠠᠩ ᠤᠨ ᠨᠣᠶᠠᠷᠬᠠᠯ ᠤᠨ ᠬᠤᠭᠤᠴᠠᠭᠠᠨ ᠳᠤ ᠵᠢᠶᠠᠩ ᠵᠢᠶᠸ ᠱᠢ ᠪᠡᠷ ᠲᠤᠯᠤᠭᠠᠢᠢᠯᠠᠭᠤᠯᠤᠭᠰᠠᠨ ᠪᠠᠷᠠᠭᠤᠨᠲᠠᠳ ᠤᠠᠮᠷᠠᠲᠤ ᠶᠢᠨ ᠴᠡᠷᠢᠭ ᠤᠨ ᠡᠷᠬᠡᠲᠡᠨ ᠤ ᠦᠨᠳᠦᠰᠦᠲᠡᠨ ᠢ ᠭᠠᠳᠠᠭᠤᠷᠴᠢᠯᠠᠬᠤ ᠲᠦᠷᠦ ᠶᠢᠨ ᠪᠣᠳᠤᠯᠭ᠋ ᠠ ᠵᠢ ᠯᠠᠪᠰᠢᠷᠠᠭᠤᠯᠤᠨ ᠭᠡᠷᠡᠭᠵᠢᠬᠦᠯᠵᠦ᠂ ᠦᠪᠦᠷ ᠮᠣᠩᠭ᠋ᠤᠯ ᠤᠨ ᠴᠢᠭᠤᠯᠭᠠᠨ ᠬᠤᠰᠢᠭᠤᠨ ᠤ ᠲᠤᠰᠠᠭᠠᠷ ᠡᠷᠭᠡ ᠵᠢ ᠬᠠᠰᠤᠵᠤ ᠮᠣᠵᠢ ᠰᠥᠶᠠᠨ ᠢᠢᠡᠷ ᠣᠷᠤᠯᠠᠭᠤᠯᠤᠨ᠂ᠶᠡᠬᠡ ᠬᠡᠮᠵᠢᠶᠠᠨ ᠤ ᠬᠢᠲᠡᠳ ᠢᠷᠭᠡᠳ ᠢ ᠮᠣᠩᠭ᠋ᠤᠯ ᠨᠤᠲᠤᠭ ᠲᠤ ᠨᠡᠭᠦᠯᠭᠡᠨ᠂ᠮᠠᠯ ᠤᠨ ᠪᠡᠯᠴᠢᠭᠡᠷ ᠢ ᠡᠪᠲᠡᠨ ᠠᠳᠠᠷ ᠬᠠᠭᠠᠯᠪᠤᠷᠢᠯᠠᠭᠰᠠᠨ ᠡᠴᠡ ᠦᠪᠦᠷ ᠮᠣᠩᠭ᠋ᠤᠯ ᠣᠷᠤᠨ ᠤ ᠮᠣᠩᠭ᠋ᠤᠯ ᠬᠢᠲᠠᠳ ᠠᠷᠠᠳ ᠲᠦᠮᠡᠨ ᠤ ᠡᠭᠦᠷᠭᠡ ᠲᠠᠷᠤᠭᠠᠰᠤ ᠵᠢ ᠬᠦᠨᠳᠦᠷᠡᠭᠦᠯᠦᠨ᠂ ᠮᠣᠩᠭ᠋ᠤᠯ ᠤᠨ ᠠᠯ ᠠᠬᠤ ᠠᠬᠤᠢ ᠳᠤ ᠬᠦᠨᠳᠦ ᠬᠡᠴᠡᠭᠦ ᠡᠪᠳᠡᠯᠭᠡ ᠬᠣᠬᠢᠷᠠᠯ ᠤᠴᠠᠷᠠᠭᠤᠯᠪᠠ᠃ ᠮᠦᠨ ᠴᠦ ᠮᠣᠩᠭ᠋ᠤᠯ ᠣᠷᠤᠨ ᠤ ᠨᠡᠢᠢᠭᠡᠮ ᠤᠨ ᠵᠦᠷᠢᠴᠡᠯ ᠢ ᠬᠤᠷᠴᠠᠳᠬᠠᠵᠤ᠂ ᠨᠤᠲᠤᠭ ᠤᠰᠤ ᠪᠠᠨ ᠬᠠᠮᠠᠭᠠᠯᠠᠬᠤ᠂ ᠠᠲᠠᠷ ᠬᠠᠭᠠᠯᠪᠤᠷᠢᠯᠠᠬᠤ ᠵᠢ ᠡᠰᠡᠷᠭᠦᠴᠡᠭᠰᠡᠨ ᠪᠣᠰᠤᠯᠭ᠋ ᠠ ᠲᠡᠮᠡᠴᠡᠯ ᠦᠪᠦᠷ ᠮᠣᠩᠭ᠋ᠤᠯ ᠤᠨ ᠵᠡᠭᠦᠨ ᠪᠠᠷᠠᠭᠤᠨ ᠪᠦᠰᠡ ᠪᠡᠷ ᠨᠡᠢᠢᠲᠡᠮ ᠡᠭᠦᠰᠦᠭᠰᠡᠨ ᠪᠠᠢᠢᠨ᠌ ᠠ᠃ |
原文 |
查看原文
|
出自 |
蒙古学研究
2014年
第1期
|